ᠦᠭᠡ ᠪᠡᠨ ᠪᠢᠳᠡ ᠬᠡᠦᠬᠡᠳ ᠲᠡᠭᠡᠨ ᠬᠡᠯᠡᠶ᠎ᠡ – ᠰᠤᠩᠷᠠᠢ Үгээ бид хүүхдэдээ хэлье – Сунрай
ᠦᠭᠡ ᠪᠡᠨ ᠪᠢᠳᠡ ᠬᠡᠦᠬᠡᠳ ᠲᠡᠭᠡᠨ ᠬᠡᠯᠡᠶ᠎ᠡ
ᠰᠤᠩᠷᠠᠢ
ᠦᠭᠡ ᠪᠡᠨ ᠪᠢᠳᠡ ᠬᠡᠦᠬᠡᠳ ᠲᠡᠭᠡᠨ ᠬᠡᠯᠡᠶ᠎ᠡ
ᠥᠰᠬᠡᠨ ᠳᠥᠰᠭᠡᠨ ᠦᠭᠡᠢ ᠰᠢᠯᠤᠭᠤᠬᠠᠨ ᠬᠡᠯᠡᠶ᠎ᠡ
ᠦᠨᠡᠨ ᠤᠴᠢᠷ ᠊ᠢ ᠲᠣᠭᠠᠴᠢᠵᠤ ᠬᠡᠯᠡᠶ᠎ᠡ
ᠥᠷᠥ ᠵᠢᠷᠦᠬᠡ ᠪᠡᠨ ᠠᠭᠤᠲᠠᠯᠠᠵᠤ ᠬᠡᠯᠡᠶ᠎ᠡ
ᠤᠰᠠᠳᠴᠤ ᠪᠣᠯᠣᠰᠢ ᠥᠬᠡᠢ ᠥᠪ ᠰᠣᠶᠣᠯ ᠶ᠋ᠢᠠᠨ
ᠤᠨᠲᠠᠷᠴᠤ ᠰᠥᠨᠥᠰᠢ ᠥᠬᠡᠢ ᠭᠠᠯ ᠭᠣᠯᠣᠮᠲᠠ ᠪᠠᠨ
ᠤᠬᠠᠭᠠᠨ ᠴᠡᠯᠮᠡᠭ ᠦᠭᠡ ᠬᠡᠯᠡ ᠪᠡᠨ
ᠤᠳᠤᠮ ᠵᠠᠯᠭᠠᠬᠤ ᠦᠨᠳᠦᠰᠦᠲᠡᠨ ᠪ ᠵᠣᠷᠢᠬ ᠶ᠋ᠢᠠᠨ
ᠪᠣᠯᠪᠠᠰᠤᠨ ᠡᠷᠢᠨ ᠪ ᠡᠭᠦᠰᠦᠯ ᠡᠴᠡ ᠡᠬᠢᠯᠡᠨ
ᠪᠤᠷᠬᠠᠨ ᠬᠠᠯᠳᠤᠨ ᠪ ᠳᠣᠮᠣᠭ ᠠ᠋ᠴᠠ ᠡᠬᠢᠯᠡᠨ
ᠪᠣᠰᠤᠭ᠎ᠠ ᠦᠰᠦᠭ ᠦ᠋ᠨ ᠲᠡᠮᠳᠡᠭᠯᠡᠯ ᠡᠴᠡ ᠡᠬᠢᠯᠡᠨ
ᠪᠣᠯᠬᠤ ᠶ᠋ᠢᠨ ᠳᠣᠲᠣᠷ᠎ᠠ ᠪᠦᠬᠦᠨ ᠊ᠢ ᠬᠡᠯᠡᠶ᠎ᠡ
ᠬᠡᠦᠬᠡᠳ ᠲᠡᠭᠡᠨ ᠪᠢᠳᠡ ᠦᠭᠡ ᠪᠡᠨ ᠬᠡᠯᠡᠶ᠎ᠡ
ᠬᠡᠷᠡᠭ ᠪᠣᠯᠭᠠᠵᠤ ᠵᠠᠪᠠᠯ ᠬᠡᠯᠡᠶ᠎ᠡ
ᠬᠡᠵᠢᠶ᠎ᠡ ᠴᠦ᠍ ᠭᠡᠰᠡᠨ ᠰᠠᠨᠠᠭᠤᠯᠵᠤ ᠬᠡᠯᠡᠶ᠎ᠡ
ᠬᠢᠴᠢᠶᠡᠯ ᠬᠥᠮᠦᠵᠢᠯ ᠊ᠢ ᠨᠢ ᠴᠢᠩᠭᠠᠳᠬᠠᠵᠤ ᠬᠡᠯᠡᠶ᠎ᠡ
ᠬᠠᠯᠳᠠᠵᠤ ᠪᠣᠯᠣᠰᠢ ᠦᠭᠡᠢ ᠣᠩᠭᠣᠨ ᠪᠠᠶ᠋ᠢᠭᠠᠯᠢ ᠪᠠᠨ
ᠬᠠᠶᠠᠵᠤ ᠪᠣᠯᠣᠰᠢ ᠦᠭᠡᠢ ᠦᠰᠦᠭ ᠪᠢᠴᠢᠭ ᠶ᠋ᠢᠡᠨ
ᠬᠠᠭᠠᠴᠠᠵᠤ ᠪᠣᠯᠣᠰᠢ ᠥᠬᠡᠢ ᠨᠢᠭᠡᠳᠦᠭᠰᠡᠨ ᠬᠦᠴᠦ ᠪᠡᠨ
ᠬᠠᠰᠢᠵᠤ ᠪᠣᠯᠣᠰᠢ ᠦᠭᠡᠢ ᠮᠣᠩᠭᠣᠯ ᠣᠮᠣᠭ ᠶ᠋ᠢᠠᠨ
ᠡᠵᠡᠨᠲᠦ ᠤᠯᠤᠰ ᠬᠠᠭᠠᠴᠠᠭᠰᠠᠨ ᠠ᠋ᠴᠠ ᠡᠬᠢᠯᠡᠨ
ᠡᠷᠬᠡ ᠮᠠᠲᠠᠯ ᠶ᠋ᠢᠠᠨ ᠠᠯᠳᠠᠭᠰᠠᠨ ᠠ᠋ᠴᠠ ᠡᠬᠢᠯᠡᠨ
ᠡᠶ᠎ᠡ ᠡᠪ ᠵᠠᠲᠠᠷᠠᠭᠰᠠᠨ ᠠ᠋ᠴᠠ ᠡᠬᠢᠯᠡᠨ
ᠡᠮᠵᠡᠭ ᠣᠰᠣᠯ ᠶ᠋ᠢᠠᠨ ᠢᠯᠡ ᠪᠡᠷ ᠬᠡᠯᠡᠶ᠎ᠡ
ᠬᠡᠯᠡᠬᠦ ᠦᠭᠡ ᠪᠡᠨ ᠪᠢᠳᠡ ᠬᠡᠦᠬᠡᠳ ᠲᠡᠭᠡᠨ ᠬᠡᠯᠡᠶ᠎ᠡ
ᠬᠡᠨ ᠳ᠋ᠦ᠍ ᠴᠦ᠍ ᠨᠠᠶ᠋ᠢᠳᠠᠯ ᠦᠭᠡᠢ ᠥᠪᠡᠷ ᠶ᠋ᠢᠡᠨ ᠬᠡᠯᠡᠶ᠎ᠡ
ᠬᠡᠷᠰᠡᠦᠵᠢᠵᠦ ᠲᠣᠮᠣᠭᠠᠵᠢᠬᠤ ᠳ᠋ᠤᠨᠢ ᠲᠤᠰᠠᠯᠠᠵᠤ ᠬᠡᠯᠡᠶ᠎ᠡ
ᠬᠡᠶ᠋ᠢᠮᠣᠷᠢ ᠰᠦᠯᠳᠡ ᠶ᠋ᠢ ᠨᠢ ᠰᠡᠷᠭᠦᠭᠡᠵᠦ ᠬᠡᠯᠡᠶ᠎ᠡ ᠁ ᠁
ᠦᠰᠦᠭ ᠠᠮᠢᠯᠠᠭᠤᠯᠤᠭᠴᠢ ᠄ ᠿᠦᠩ ᠰᠢ
ᠬᠢᠨᠠᠭᠴᠢ ᠄ ᠮᠥᠴᠢᠷ ᠪᠠᠭ᠍ᠰᠢ
