ᠪᠠᠭ᠎ᠠ ᠨᠠᠰᠤ – ᠭ ᠂ ᠴᠢᠩᠪᠠᠭᠠᠲᠤᠷ Бага нас – Г ᠂ Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭ᠎ᠠ ᠨᠠᠰᠤ – ᠭ ᠂ ᠴᠢᠩᠪᠠᠭᠠᠲᠤᠷ Бага нас – Г ᠂ Чинбаатар

ᠪᠠᠭ᠎ᠠ ᠨᠠᠰᠤ – ᠭ ᠂ ᠴᠢᠩᠪᠠᠭᠠᠲᠤᠷ Бага нас – Г ᠂ Чинбаатар

2023-03-03

357

ᠪᠠᠭ᠎ᠠ ᠨᠠᠰᠤ


                 ᠭ ᠂ ᠴᠢᠩᠪᠠᠭᠠᠲᠤᠷ

  ᠪᠣᠳᠣᠯ ᠨᠢ ᠬᠦᠷᠲᠡᠯ᠎ᠡ ᠰᠦᠨ ᠪ ᠦᠨᠦᠷ ᠲᠡᠢ
  ᠪᠤᠷᠤᠭᠤ ᠨᠢ ᠬᠦᠷᠲᠡᠯ᠎ᠡ ᠪᠤᠷᠬᠠᠨ ᠰᠠᠨᠠᠭ᠎ᠠ ᠲᠠᠢ
  ᠢᠨᠢᠶᠡᠬᠦ ᠨᠢ ᠬᠦᠷᠲᠡᠯ᠎ᠡ ᠨᠠᠷᠠᠨ ᠪ  ᠭᠡ ᠲᠡᠢ
  ᠢᠲᠡᠭᠡᠯ ᠨᠢ ᠬᠦᠷᠲᠡᠯ᠎ᠡ ᠰᠠᠷᠠᠨ ᠪ ᠲᠤᠶᠠᠭ᠎ᠠ ᠲᠠᠢ
  ᠠᠢ  ᠬᠦ᠋ ᠪᠠᠭ᠎ᠠ ᠶ᠋ᠢᠨ ᠨᠠᠰᠤ ᠮᠢᠨᠢ
  ᠠᠢ  ᠬᠥᠭᠡᠷᠥᠬᠦᠢ ᠪᠠᠯᠴᠢᠷᠬᠠᠨ ᠦᠶ᠎ᠡ ᠮᠢᠨᠢ
  ᠥᠰᠬᠦ ᠲᠣᠰᠤᠮ ᠪᠢ ᠴᠢᠮ᠎ᠠ ᠠ᠋ᠴᠠ ᠪᠠᠨ  ᠬᠣᠯᠠᠲᠤᠭᠰᠠᠭᠠᠷ
  ᠥᠷᠭᠡᠨ ᠬᠣᠷᠸ᠋᠎ᠠ ᠶ᠋ᠢᠨ ᠬᠠᠮᠢᠭ᠎ᠠ ᠠ᠋ᠴᠠ ᠡᠷᠢᠵᠦ ᠣᠯᠬᠤ ᠪᠢᠯᠡ
  ᠠᠪᠤ ᠶ᠋ᠢᠨ ᠡᠪᠦᠷ ᠎ᠲᠦ᠍ ᠡᠷᠬᠡᠯᠡᠭᠰᠡᠨ ᠴᠢᠮᠠᠶ᠋ᠢ ᠪᠠᠨ
  ᠠᠬᠢᠨ ᠪᠤᠭᠤᠷᠤᠯ ᠪᠣᠯᠤᠭᠠᠳ ᠦᠭᠡᠶ᠋ᠢᠯᠡᠵᠦ ᠯᠡ ᠪᠡᠭᠲᠡᠷᠡᠬᠦ ᠶᠤᠮ ᠭᠡᠵᠦ ‍ᠦᠦ
  ᠪᠤᠷᠭᠠᠰᠤᠨ ᠪ ᠮᠥᠴᠢᠷ ᠎ ᠊ᠢ ᠬᠦᠷᠲᠡᠯ᠎ᠡ
  ᠬᠦᠯᠦᠭ ᠮᠢᠨᠢ ᠭᠡᠵᠦ ᠲᠣᠭᠯᠠᠳᠠᠭ
  ᠱᠠᠭᠠᠵᠠᠩ ᠦ᠋ᠨ ᠬᠠᠭᠠᠷᠬᠠᠢ ᠎ᠶ᠋ᠢ ᠬᠦᠷᠲᠡᠯ᠎ᠡ
  ᠠᠶᠠᠭ᠎ᠠ ᠭᠡᠵᠦ ᠨᠠᠭᠠᠳᠳᠠᠭ
  ᠠᠢ  ᠬᠦ᠋ ᠪᠠᠭ᠎ᠠ ᠶ᠋ᠢᠨ ᠨᠠᠰᠤ ᠮᠢᠨᠢ
  ᠠᠢ  ᠬᠥᠭᠡᠷᠥᠬᠦᠢ ᠪᠠᠯᠴᠢᠷᠬᠠᠨ ᠦᠶ᠎ᠡ ᠮᠢᠨᠢ
  ᠪᠣᠶ᠋ᠢᠲᠣᠭ ᠲᠠ ᠬᠣᠶᠠᠷ ᠶ᠋ᠢᠠᠨ  ᠴᠡᠴᠡᠭᠡᠰ  ᠦ᠋ᠨ ᠳᠤᠮᠳᠠ ᠣᠷᠬᠢᠭᠠᠳ
  ᠪᠤᠳᠠᠩᠲᠤ ᠡᠨᠡ ᠣᠷᠴᠢᠯᠠᠩ ᠦ᠋ᠨ ᠬᠠᠮᠢᠭ᠎ᠠ ᠠ᠋ᠴᠠ ᠬᠠᠶ᠋ᠢᠬᠤ ᠪᠢᠯᠡ
  ᠪᠤᠴᠠᠭᠠᠳ ᠬᠡᠵᠢᠶ᠎ᠡ ᠴᠦ᠍ ᠢᠷᠡᠬᠦ ᠦᠭᠡᠢ ᠪᠠᠭ᠎ᠠ ᠨᠠᠰᠤ ᠪᠠᠨ ᠪᠢ
  ᠪᠣᠳᠣᠯ ᠎ᠳ᠋ᠤ᠌ ᠪᠠᠨ ᠲᠡᠭᠡᠭᠡᠭᠰᠡᠭᠡᠷ   ᠶᠠᠪᠤᠵᠤ ᠥᠲᠡᠯᠬᠦ ᠶᠤᠮ  ᠭᠡᠵᠦ ‍ᠦᠦ
  ᠮᠥᠷᠥᠭᠡᠳᠦᠯ  ᠨᠢ ᠬᠦᠷᠲᠡᠯ᠎ᠡ ᠣᠳᠣᠨ ᠎ᠳ᠋ᠤ᠌  ᠲᠡᠭᠦᠯᠢᠭᠰᠡᠨ
  ᠮᠥᠩᠬᠡ ᠶ᠋ᠢᠨ ᠳᠤᠷᠠᠰᠤᠮᠵᠢ ᠪᠠᠷ ᠵᠢᠷᠦᠬᠡᠨ ᠎ᠳ᠋ᠦ᠍ ᠦᠯᠡᠳᠡᠭᠰᠡᠨ
  ᠠᠢ  ᠬᠦ᠋ ᠪᠠᠭ᠎ᠠ ᠶ᠋ᠢᠨ ᠨᠠᠰᠤ ᠮᠢᠨᠢ
  ᠠᠢ  ᠬᠥᠭᠡᠷᠥᠬᠦᠢ ᠪᠠᠯᠴᠢᠷᠬᠠᠨ ᠦᠶ᠎ᠡ ᠮᠢᠨᠢ
  ᠲᠤᠭᠤᠯ ᠦ᠋ᠨ  ᠪᠡᠯᠴᠢᠭᠡᠷ ᠎ᠲᠦ᠍  ᠲᠣᠭᠠᠯᠠᠭᠰᠠᠭᠠᠷ  ᠦᠯᠡᠳᠡᠭᠰᠡᠨ ᠴᠢᠮᠠᠶ᠋ᠢ ᠪᠠᠨ
  ᠳᠥᠷᠪᠡᠨ ᠤᠯᠠᠷᠢᠯ ᠦ᠋ᠨ ᠠᠯᠢᠨ ᠳ᠋ᠤᠨᠢ ᠴᠤ᠌ ᠰᠠᠨᠠᠭᠠᠳ ᠯᠠ ᠪᠠᠶ᠋ᠢᠨ᠎ᠠ
  ᠳᠠᠭᠤᠤ ᠶ᠋ᠢᠨ  ᠨᠤᠭᠤᠯᠤᠭᠠᠨ ᠳ᠋ᠤ᠌ ᠡᠷᠬᠡᠯᠡᠵᠦ ᠮᠥᠩᠬᠡᠷᠡᠭᠰᠡᠨ ᠴᠢᠮᠠᠶ᠋ᠢ ᠪᠠᠨ
  ᠲᠤᠤᠯᠢᠮ᠎ᠠ ᠡᠨᠡ ᠣᠷᠴᠢᠯᠠᠩ ᠦ᠋ᠨ ᠵᠠᠢ ᠪᠦᠬᠦᠨ ᠠ᠋ᠴᠠ ᠡᠷᠢᠭᠡᠳ ᠪᠠᠶ᠋ᠢᠨ᠎ᠠ

      ᠦᠰᠦᠭ ᠠᠮᠢᠯᠠᠭᠤᠯᠤᠭᠴᠢ   ᠄   ᠿᠦᠩ ᠰᠢ
         ᠬᠢᠨᠠᠭᠴᠢ ᠄ ᠮᠥᠴᠢᠷ  ᠪᠠᠭᠰᠢ