ᠡᠬᠡ ᠣᠷᠣᠨ – ᠷᠠᠰᠢ ᠶ᠋ᠢᠨ ᠪᠠᠲᠤᠰᠦ᠋ᠬᠡ Эх орон – Рашийн Батсүх
ᠡᠬᠡ ᠣᠷᠣᠨ
ᠴᠡᠯ ᠨᠣᠭᠣᠭᠠᠨ ᠨᠠᠪᠴᠢ ᠴᠡᠴᠡᠭ
ᠮᠢᠨᠦ ᠰᠡᠤᠠᠬᠢᠯ ᠢᠲᠡᠭᠡᠯ
ᠴᠡᠯ ᠨᠣᠭᠣᠭᠠᠨ ᠣᠢ ᠬᠥᠪᠴᠢ
ᠮᠢᠨᠦ ᠬᠦᠰᠡᠯ ᠡᠷᠡᠮᠡᠯᠵᠡᠯ
ᠴᠡᠯ ᠨᠣᠭᠣᠭᠠᠨ ᠲᠠᠯ᠎ᠠ ᠨᠤᠲᠤᠭ
ᠮᠢᠨᠦ ᠢᠷᠠᠭᠤ ᠨᠠᠶ᠋ᠢᠷᠠᠭ
ᠴᠡᠯ ᠨᠣᠭᠣᠭᠠᠨ ᠢᠷᠠᠭᠤ ᠨᠠᠶ᠋ᠢᠷᠠᠭ
ᠮᠢᠨᠦ ᠡᠬᠡ ᠣᠷᠣᠨ !
2002 ·8 ᠰᠠᠷ᠎ᠠ
