ᠪᠠᠭᠰᠢ ᠶ᠋ᠢᠨ ᠤᠶᠠᠩᠬ᠋᠎ᠠ - ᠭᠦᠷᠵᠠᠪ Багшийн уянх  – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭᠰᠢ ᠶ᠋ᠢᠨ ᠤᠶᠠᠩᠬ᠋᠎ᠠ - ᠭᠦᠷᠵᠠᠪ Багшийн уянх  – Гүржав

ᠪᠠᠭᠰᠢ ᠶ᠋ᠢᠨ ᠤᠶᠠᠩᠬ᠋᠎ᠠ - ᠭᠦᠷᠵᠠᠪ Багшийн уянх  – Гүржав

2023-03-03

281

ᠪᠠᠭᠰᠢ ᠶ᠋ᠢᠨ ᠤᠶᠠᠩᠬ᠋᠎ᠠ


                   ᠭᠦᠷᠵᠠᠪ

 ᠡᠨᠡ ᠳᠡᠯᠡᠬᠡᠢ  ᠳᠦ 
 ᠡᠷᠲᠡᠮ ᠶ᠋ᠢᠡᠨ ᠬᠠᠷᠠᠮ ᠦᠭᠡᠢ ᠡᠷᠭᠦᠭᠴᠢ ᠬᠥᠮᠦᠨ ᠪᠣᠯ ᠪᠠᠭᠰᠢ
 ᠡᠷᠪᠡᠢ ᠨᠢᠯᠬᠠᠰ ᠲᠤ
 ᠡᠬᠡ ᠶ᠋ᠢᠨ ᠬᠠᠯᠠᠭᠤᠨ ᠰᠦ᠋ ᠶ᠋ᠢ  ᠬᠦᠷᠲᠡᠭᠡᠭᠴᠢ ᠬᠥᠮᠦᠨ ᠪᠣᠯ ᠪᠠᠭᠰᠢ
 ᠡᠯᠲᠡᠪ ᠪᠡᠷᠬᠡ ᠶ᠋ᠢ 
 ᠡᠷᠡᠰ ᠬᠠᠲᠠᠨ ᠵᠣᠷᠢᠬ ᠶ᠋ᠢᠠᠷ ᠳᠠᠪᠠᠭᠴᠢ ᠬᠥᠮᠦᠨ ᠪᠣᠯ ᠪᠠᠭᠰᠢ
 ᠰᠢᠯᠲᠠᠭ ᠲᠦᠪᠡᠭ ᠊ᠢ 
 ᠰᠢᠷᠭᠠᠭᠤ ᠬᠢᠴᠢᠶᠡᠩᠭᠦᠢ ᠵᠠᠩ ᠶ᠋ᠢᠠᠷ ᠠᠷᠢᠯᠭᠠᠭᠴᠢ ᠬᠥᠮᠦᠨ ᠪᠣᠯ ᠪᠠᠭᠰᠢ
 ᠰᠢᠪᠠᠷ ᠲᠠᠢ ᠵᠠᠮ ᠊ᠢ 
 ᠰᠢᠨᠲᠠᠷᠠᠰᠢ ᠦᠭᠡᠢ ᠶᠠᠪᠤᠵᠤ ᠲᠤᠭᠤᠯᠤᠭᠴᠢ ᠬᠥᠮᠦᠨ ᠪᠣᠯ ᠪᠠᠭᠰᠢ
 ᠰᠢᠪᠬᠠᠷᠤᠤ ᠲᠠᠢ ᠪᠣᠲᠣᠯ ᠊ᠢ 
 ᠱᠠᠯᠠᠮᠠᠭᠠᠢ ᠬᠤᠷᠴᠠ ᠤᠬᠠᠭᠠᠨ ᠶ᠋ᠢᠠᠷ 
 ᠰᠢᠷᠭᠠᠵᠤ ᠲᠤᠩᠭᠠᠭᠴᠢ ᠬᠥᠮᠦᠨ ᠪᠣᠯ ᠪᠠᠭᠰᠢ · · · ·
 ᠰᠠᠶ᠋ᠢᠬᠠᠨ ᠬᠦᠰᠡᠯᠡᠩ ᠊ᠢ 
 ᠰᠠᠨᠰᠠᠷ ᠦ᠋ᠨ ᠲᠡᠷᠲᠡᠭᠡ ᠬᠥᠪᠡᠭᠡ  ᠳᠦ ᠳᠡᠷᠪᠡᠭᠦᠯᠦᠭᠴᠢ ᠬᠥᠮᠦᠨ ᠪᠣᠯ ᠪᠠᠭᠰᠢ
 ᠮᠠᠭᠤᠬᠠᠨ ᠤᠴᠠᠷᠠᠯ ᠊ᠢ  
 ᠮᠥᠨ ᠳᠣᠣᠷ᠎ᠠ ᠨᠢ ᠳᠠᠷᠤᠭᠴᠢ ᠬᠥᠮᠦᠨ ᠪᠣᠯ ᠪᠠᠭᠰᠢ ᠃

ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

        ᠦᠰᠦᠭ ᠠᠮᠢᠯᠠᠭᠤᠯᠤᠭᠴᠢ ᠄ ᠪᠠᠶᠠᠷᠴᠡᠴᠡᠭ 
         ᠬᠢᠨᠠᠭᠴᠢ ᠄   ᠫ · ᠣᠶᠤᠨᠭᠡᠷᠡᠯ
               2023 ᠣᠨ ᠪ 2 ᠰᠠᠷ᠎ᠠ ᠶ᠋ᠢᠨ 28 ᠪ ᠡᠲᠦᠷ