ᠡᠲᠦᠷ ᠪᠦᠷᠢ ᠶ᠋ᠢᠨ ᠥᠷᠯᠥᠭᠡ – ᠭᠦᠷᠵᠠᠪ Өдөр бүрийн өглөө   – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠲᠦᠷ ᠪᠦᠷᠢ ᠶ᠋ᠢᠨ ᠥᠷᠯᠥᠭᠡ – ᠭᠦᠷᠵᠠᠪ Өдөр бүрийн өглөө   – Гүржав

ᠡᠲᠦᠷ ᠪᠦᠷᠢ ᠶ᠋ᠢᠨ ᠥᠷᠯᠥᠭᠡ – ᠭᠦᠷᠵᠠᠪ Өдөр бүрийн өглөө   – Гүржав

2023-03-03

260

ᠡᠲᠦᠷ ᠪᠦᠷᠢ ᠶ᠋ᠢᠨ ᠥᠷᠯᠥᠭᠡ


              ᠭᠦᠷᠵᠠᠪ

 ᠥᠨᠲᠥᠷ ᠲᠦ ᠭᠢᠯᠠᠯᠵᠠᠬᠤ
 ᠲᠤᠭ ᠊ᠢ ᠮᠢᠨᠢ ᠡᠷᠭᠦᠵᠦ
 ᠥᠷᠥᠴᠡᠨ  ᠳᠦ ᠨᠠᠬᠢᠶᠠᠯᠠᠬᠤ
 ᠬᠦᠰᠡᠯ ᠊ᠢ ᠮᠢᠨᠢ ᠣᠪᠣᠯᠵᠠᠭᠤᠯᠵᠤ
 ᠥᠷᠥᠭᠡ ᠭᠡᠷ ᠲᠦ ᠮᠢᠨᠢ
 ᠨᠠᠷᠠ ᠰᠣᠯᠣᠩᠭᠠᠷᠠᠭᠤᠯᠵᠤ
 ᠰᠢᠷᠡᠭᠡ ᠲᠠᠪᠠᠭ ᠲᠤ ᠮᠢᠨᠢ
 ᠢᠲᠡᠭᠡ ᠦᠷᠦᠭᠦᠯᠵᠦ
 ᠡᠲᠦᠷ ᠪᠦᠷᠢ ᠶ᠋ᠢᠨ ᠥᠷᠯᠥᠭᠡ
 ᠥᠯᠵᠡᠢ ᠵᠢᠷᠭᠠᠯ ᠲᠠᠢ ᠢᠷᠡᠨ᠎ᠡ
 ᠥᠷᠭᠡᠨ ᠬᠠᠩᠭᠠᠢ  ᠳᠦ ᠮᠢᠨᠢ
 ᠤᠨᠢᠶᠠᠷ  ᠭᠦᠰᠢᠭᠡᠯᠡᠭᠦᠯᠵᠦ
 ᠦᠤᠠᠬᠡᠨ ᠰᠢᠭᠣᠢ  ᠳᠦ ᠮᠢᠨᠢ
 ᠰᠢᠪᠠᠭᠤᠳ ᠤᠶᠠᠩᠭᠠᠯᠠᠭᠤᠯᠵᠤ
 ᠡᠪᠡᠰᠦ ᠪᠡᠯᠴᠢᠭᠡᠷ ᠲᠦ ᠮᠢᠨᠢ
 ᠰᠥᠷᠦᠭ ᠨᠠᠯᠠᠶ᠋ᠢᠯᠭᠠᠵᠤ
 ᠥᠨᠢᠷ ᠣᠷᠣᠨ  ᠳᠦ ᠮᠢᠨᠢ
 ᠪᠠᠶᠠᠰᠤᠯ ᠴᠠᠯᠭᠢᠭᠤᠯᠵᠤ
 ᠡᠲᠦᠷ ᠪᠦᠷᠢ ᠶ᠋ᠢᠨ ᠥᠷᠯᠥᠭᠡ
 ᠥᠯᠵᠡᠢ ᠵᠢᠷᠭᠠᠯ ᠲᠠᠢ ᠢᠷᠡᠨ᠎ᠡ
 ᠥᠰᠬᠦ ᠪᠡᠶ᠎ᠡ  ᠳᠦ ᠮᠢᠨᠢ
 ᠤᠬᠠᠭᠠᠨ ᠬᠠᠶ᠋ᠢᠷᠠᠯᠠᠵᠤ
 ᠪᠢᠴᠢᠬᠦ  ᠰᠢᠯᠦᠭ ᠲᠦ ᠮᠢᠨᠢ
 ᠰᠡᠲᠦᠪ ᠨᠡᠮᠡᠵᠦ
 ᠶᠠᠪᠤᠬᠤ ᠵᠦᠭ ᠲᠦ ᠮᠢᠨᠢ
 ᠵᠠᠮ ᠵᠢᠭᠠᠵᠤ
 ᠶᠠᠷᠢᠬᠤ ᠦᠭᠡᠨ  ᠳᠦ ᠮᠢᠨᠢ
 ᠰᠦᠪᠡᠭᠴᠢ ᠣᠯᠭᠣᠵᠤ
 ᠡᠲᠦᠷ ᠪᠦᠷᠢ ᠶ᠋ᠢᠨ ᠥᠷᠯᠥᠭᠡ
 ᠥᠯᠵᠡᠢ ᠵᠢᠷᠭᠠᠯ ᠢᠷᠡᠨ᠎ᠡ ᠃

   ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

        ᠦᠰᠦᠭ ᠠᠮᠢᠯᠠᠭᠤᠯᠤᠭᠴᠢ ᠄  ᠪᠤᠷᠭᠢᠯ
         ᠬᠢᠨᠠᠭᠴᠢ ᠄ ᠪᠠᠶᠠᠷᠴᠡᠴᠡᠭ  ᠪᠠᠭᠰᠢ
               2023 ᠣᠨ ᠪ 3 ᠰᠠᠷ᠎ᠠ ᠶ᠋ᠢᠨ 1 ᠪ ᠡᠲᠦᠷ