ᠰᠢᠷᠢᠯᠳᠦᠭᠰᠡᠨ ᠪᠣᠲᠣᠯ – ᠭ · ᠴᠢᠩᠪᠠᠭᠠᠲᠤᠷ Ширэлдсэн бодол  –  Г· Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠷᠢᠯᠳᠦᠭᠰᠡᠨ ᠪᠣᠲᠣᠯ – ᠭ · ᠴᠢᠩᠪᠠᠭᠠᠲᠤᠷ Ширэлдсэн бодол  –  Г· Чинбаатар

ᠰᠢᠷᠢᠯᠳᠦᠭᠰᠡᠨ ᠪᠣᠲᠣᠯ – ᠭ · ᠴᠢᠩᠪᠠᠭᠠᠲᠤᠷ Ширэлдсэн бодол  –  Г· Чинбаатар

2023-03-02

279

ᠰᠢᠷᠢᠯᠳᠦᠭᠰᠡᠨ ᠪᠣᠲᠣᠯ


             ᠭ · ᠴᠢᠩᠪᠠᠭᠠᠲᠤᠷ

 ᠣᠯᠠᠨ ᠶᠠᠭᠤᠮ᠎ᠠ ᠨᠠᠲᠠ ᠠ᠋ᠴᠠ ᠬᠣᠯᠠᠲᠠᠨ ᠣᠤᠠᠬᠤ ᠮᠡᠲᠦ ᠭᠤᠨᠢᠬᠲᠠᠢ
 ᠣᠷᠴᠢᠯᠠᠩ ᠬᠦᠷᠲᠡᠯ᠎ᠡ ᠨᠠᠲᠠ ᠠ᠋ᠴᠠ ᠴᠡᠷᠪᠡᠨ ᠵᠠᠶ᠋ᠢᠯᠠᠬᠤ ᠮᠡᠲᠦ ᠤᠶ᠋ᠢᠤᠠᠬᠠᠷᠲᠠᠢ
 ᠭᠠᠯ ᠦ᠋ᠨ ᠵᠠᠬ᠎ᠠ  ᠳᠦ ᠪᠣᠲᠣᠯ ᠶ᠋ᠢᠠᠨ ᠲᠦᠯᠡᠨ ᠰᠠᠭᠤᠮᠠᠷ
 ᠭᠠᠪ ᠭᠠᠭᠴᠠᠭᠠᠷ ᠶ᠋ᠢᠠᠨ ᠪᠣᠷᠣᠭᠠᠨ ᠳᠤᠮᠳᠠᠭᠤᠷ ᠠᠯᠬᠤᠮᠠᠷ 

 ᠪᠦᠬᠦ ᠶᠠᠭᠤᠮ᠎ᠠ ᠨᠠᠲᠠ ᠠ᠋ᠴᠠ ᠬᠣᠯᠠᠲᠠᠨ ᠣᠤᠠᠬᠤ ᠮᠡᠲᠦ ᠥᠨᠥᠴᠢᠷᠡᠩᠬᠦᠢ
 ᠪᠦᠷᠦᠩᠬᠦᠢ ᠰᠠᠨᠰᠠᠷ ᠲᠤ ᠣᠲᠣᠨ ᠠᠨᠢᠪᠠᠯᠵᠠᠬᠤ ᠮᠡᠲᠦ ᠭᠠᠭᠴᠠᠭᠠᠷᠲᠠᠩᠭᠤᠢ
 ᠬᠡᠨ ᠨᠢᠭᠡᠨ ᠲᠡᠢ ᠪᠣᠲᠣᠯ ᠶ᠋ᠢᠠᠨ ᠶᠠᠷᠢᠨ ᠤᠤᠭᠤᠮᠠᠷ
 ᠬᠡᠭᠡᠷ᠎ᠡ ᠭᠠᠷᠴᠤ ᠴᠢᠪ ᠴᠢᠮᠡᠭᠡ ᠦᠭᠡᠢ ᠣᠬᠢᠯᠠᠮᠠᠷ 

 ᠣᠨ ᠴᠠᠭ ᠤᠰᠤᠨ ᠪ ᠤᠷᠤᠰᠬᠠᠯ ᠮᠡᠲᠦ ᠡᠷᠭᠢᠰᠢ ᠦᠭᠡᠢ
 ᠣᠨᠣᠬ᠋᠎ᠠ ᠠᠯᠲᠠᠬ᠋᠎ᠠ ᠬᠣᠶᠠᠷ ᠮᠠᠨᠢ ᠰᠠᠯᠬᠢᠨ ᠮᠡᠲᠦ ᠪᠤᠴᠠᠰᠢ ᠦᠭᠡᠢ
 ᠬᠢᠯᠢᠩ ᠲᠥᠷᠥᠵᠦ ᠬᠣᠷᠸ᠋᠎ᠠ ᠳᠡᠯᠡᠬᠡᠢ ᠶ᠋ᠢ ᠬᠡᠮᠬᠡᠴᠢᠮᠡᠷ 
 ᠬᠠᠶ᠋ᠢᠷ᠎ᠠ ᠲᠥᠷᠥᠵᠦ ᠬᠥᠮᠦᠨ ᠪᠣᠯᠭᠠᠨ ᠊ᠢ ᠦᠨᠦᠰᠦᠮᠡᠷ 

 ᠰᠢᠮᠠᠭᠤᠯ ᠨᠢᠰᠬᠦ ᠮᠡᠲᠦ ᠴᠢᠮᠡᠭᠡ ᠠᠨᠢᠷ ᠦᠭᠡᠢ ᠶ᠋ᠢᠨ ᠳᠤᠮᠳᠠᠭᠤᠷ
 ᠰᠢᠪᠠᠭᠤ ᠮᠡᠲᠦ ᠠᠯᠤᠰᠷᠠᠨ ᠣᠤᠠᠬᠤ ᠵᠠᠯᠠᠭᠤ ᠨᠠᠰᠤᠨ
 ᠰᠢᠭᠤᠷᠠᠬᠤ ᠮᠡᠲᠦ ᠡᠲᠦᠷ ᠬᠣᠨᠣᠭ ᠦ᠋ᠳ ᠦ᠋ᠨ ᠳᠤᠮᠳᠠᠭᠤᠷ
 ᠰᠤᠮᠤ ᠮᠡᠲᠦ ᠠᠯᠲᠠᠭᠲᠠᠨ ᠪᠠᠯᠠᠷᠠᠬᠤ ᠠᠤᠬ᠋᠎ᠠ ᠬᠦᠰᠡᠯᠡᠩ 

 ᠬᠠᠮᠬᠤᠤᠯ ᠮᠡᠲᠦ ᠰᠢᠷᠢᠯᠳᠦᠭᠰᠡᠨ ᠪᠣᠲᠣᠯ ᠦ᠋ᠨ ᠶ᠋ᠢᠠᠨ ᠭᠦᠨ  ᠳᠦ
 ᠬᠠᠷ᠎ᠠ ᠳᠠᠷᠤᠬᠤ ᠮᠡᠲᠦ ᠰᠢᠨᠠᠯᠤᠭᠰᠠᠭᠠᠷ ᠶᠠᠪᠤᠬᠤᠢ
 ᠬᠠᠨᠠᠰ ᠮᠡᠲᠦ ᠮᠥᠷᠥᠭᠡᠲᠦᠯ ᠦ᠋ᠨ ᠶ᠋ᠢᠡᠨ ᠡᠷᠭᠢᠨ   ᠳᠦ  
 ᠬᠠᠵᠠᠭᠠᠷ ᠶ᠋ᠢᠠᠨ ᠴᠢᠷᠦᠭᠰᠡᠨ ᠮᠣᠷᠢᠨ ᠮᠡᠲᠦ ᠲᠡᠨᠦᠭᠦᠢ 

 ᠮᠠᠭᠮᠠ ᠮᠡᠲᠦ ᠪᠤᠬᠢᠨᠢᠲᠤᠯ ᠶ᠋ᠢᠠᠷ ᠳᠦᠭᠦᠷᠡᠩ
 ᠮᠠᠨᠠᠭᠰᠠᠨ ᠵᠡᠭᠦᠲᠦ ᠪᠡᠨ ᠰᠡᠷᠢᠭᠡᠵᠦ ᠨᠢᠭᠡᠨ ᠬᠠᠷᠠᠮᠰᠠᠬᠤᠢ
 ᠮᠠᠨᠠᠨ ᠮᠡᠲᠦ ᠮᠠᠷᠭᠠᠰᠢ ᠶ᠋ᠢᠨ ᠶ᠋ᠢᠡᠨ ᠲᠥᠯᠥᠭᠡ 
 ᠮᠠᠬᠢᠷ ᠰᠡᠯᠡᠮ᠎ᠡ ᠪᠡᠨ ᠰᠤᠭᠤᠯᠵᠤ ᠨᠢᠭᠡᠨ ᠣᠮᠣᠭᠯᠠᠬᠤᠢ 

 ᠦᠦᠷ ᠰᠥᠨᠢ ᠶ᠋ᠢᠨ ᠭᠡᠭᠡ ᠲᠤᠭᠤᠴᠢᠨ
 ᠡᠵᠢ ᠳ᠋ᠡᠭᠡᠨ ᠣᠴᠢᠵᠤ ᠦᠨᠦᠰᠦᠭᠦᠯᠦᠮᠡᠷ
 ᠦᠲᠡᠰᠢ ᠦᠲᠡᠰᠢ ᠶ᠋ᠢᠨ ᠤᠷᠲᠤ ᠶ᠋ᠢ ᠬᠤᠭᠤᠴᠢᠨ
 ᠦᠯᠢᠭᠡᠷ ᠰᠣᠨᠣᠰᠴᠤ ᠲᠠᠶ᠋ᠢᠤᠠᠬᠤᠷᠠᠮᠠᠷ 

 ᠠᠶ᠎ᠠ
 ᠳᠣᠮᠣᠭ ᠦ᠋ᠨ ᠰᠠᠶ᠋ᠢᠬᠠᠨ ᠬᠣᠷᠸ᠋᠎ᠠ  ᠳᠦ
 ᠮᠣᠩᠭᠣᠯ ᠮᠢᠨᠢ ᠪᠠᠶ᠋ᠢᠬ᠋᠎ᠠ  ᠳᠦ ᠯᠠ ᠬᠣᠷᠭᠣᠲᠠᠨᠠᠮ
 ᠳᠣᠯᠣᠭᠠᠨ ᠪᠤᠷᠬᠠᠨ ᠪ ᠳᠣᠣᠷ᠎ᠠ
 ᠮᠣᠷᠢ ᠲᠠᠢ ᠳᠠᠪᠬᠢᠬᠤ ᠶ᠋ᠢ ᠯᠠ ᠮᠥᠷᠥᠭᠡᠲᠦᠨᠡᠮ 

 ᠠᠶ᠎ᠠ
 ᠵᠢᠭᠠᠬᠠᠨ ᠶᠠᠪᠤᠬᠤ ᠨᠠᠰᠤ ᠪᠠᠨ
 ᠵᠠᠮ ᠳᠡᠭᠡᠷ᠎ᠡ ᠬᠠᠶᠠᠬᠤ ᠶᠠᠰᠤ ᠪᠠᠨ
 ᠬᠠᠮᠬᠤᠤᠯ ᠮᠡᠲᠦ ᠬᠡᠶ᠋ᠢᠰᠬᠡᠮᠡᠷ ᠦᠭᠡᠢ ᠪᠠᠶ᠋ᠢᠨ᠎ᠠ
 ᠬᠠᠲᠠᠨ ᠰᠡᠯᠡᠮ᠎ᠡ ᠰᠢᠭ᠌ ᠳᠠᠪᠲᠠᠮᠠᠷ ᠪᠠᠶ᠋ᠢᠨ᠎ᠠ ᠃
      
       2008 ᠣᠨ ᠪ10 ᠎ᠳ᠋ᠤᠭᠠᠷ ᠰᠠᠷ᠎ᠠ ᠶ᠋ᠢᠨ1 ᠪ ᠰᠥᠨᠢ ᠳᠦᠯᠢ

           ᠦᠰᠦᠭ ᠠᠮᠢᠯᠠᠭᠤᠯᠤᠭᠴᠢ — ᠭᠡᠷᠡᠯ
                ᠬᠢᠨᠠᠭᠴᠢ — ᠪᠠᠯᠵᠢ  ᠪᠠᠭ᠍ᠰᠢ