ᠨᠣᠮ ᠲᠠᠢ ᠨᠥᠬᠥᠷᠯᠡᠶ᠎ᠡ – ᠭᠦᠷᠵᠠᠪ Номтой нөхөрлөе – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠣᠮ ᠲᠠᠢ ᠨᠥᠬᠥᠷᠯᠡᠶ᠎ᠡ – ᠭᠦᠷᠵᠠᠪ Номтой нөхөрлөе – Гүржав

ᠨᠣᠮ ᠲᠠᠢ ᠨᠥᠬᠥᠷᠯᠡᠶ᠎ᠡ – ᠭᠦᠷᠵᠠᠪ Номтой нөхөрлөе – Гүржав

2023-03-02

357

ᠨᠣᠮ ᠲᠠᠢ ᠨᠥᠬᠥᠷᠯᠡᠶ᠎ᠡ


          ᠭᠦᠷᠵᠠᠪ

 ᠳᠡᠯᠡᠬᠡᠢ ᠶ᠋ᠢ ᠲᠠᠨᠢᠬᠤ
 ᠳᠡᠭᠡᠳᠦ ᠶ᠋ᠢᠨ  ᠵᠡᠪᠰᠡᠭ
 ᠲᠡᠷᠲᠡᠭᠡ ᠠᠯᠤᠰ ᠊ᠢ ᠵᠣᠷᠢᠬᠤ  ᠳᠦ
 ᠲᠡᠮ ᠂ ᠲᠤᠰᠠᠯᠠᠮᠵᠢ ᠨᠣᠮ ᠪᠢᠯᠡ
 ᠨᠣᠮ ᠲᠠᠢ ᠨᠥᠬᠥᠷᠯᠡᠶ᠎ᠡ
 ᠨᠣᠮ ᠰᠠᠶ᠋ᠢᠨ ᠤᠩᠰᠢᠶ᠎ᠠ !
 ᠠ ᠂ ᠡ ᠂ ᠢ ᠂ ᠣ ᠂ ᠤ ᠁
 ᠠᠷᠤᠬᠠᠨ ᠮᠣᠩᠭᠣᠯ ᠦ᠋ᠨ ᠢᠷᠠᠭᠤᠬᠠᠨ ᠬᠡᠯᠡ
 x.y.z.c ᠁
 ᠠᠩᠬ᠎ᠠ ᠵᠡᠷᠭᠡ ᠶ᠋ᠢᠨ ᠮᠡᠲᠡᠯᠭᠡ ᠰᠣᠶᠣᠯ
 ᠠᠯᠢ ᠨᠢ ᠪᠣᠯᠤᠭᠰᠠᠨ ᠴᠥ᠍ ᠴᠢᠬᠤᠯᠠ ᠵᠦᠢᠯᠡᠰ
 ᠠᠮᠠᠷᠬᠠᠨ ᠬᠢᠯᠪᠠᠷᠬᠠᠨ ᠶ᠋ᠢᠠᠷ
 ᠦᠵᠡᠵᠦ ᠪᠣᠯᠬᠤ ᠦᠭᠡᠢ
 ᠠᠯᠮᠠᠶ᠋ᠢᠷᠠᠵᠤ ᠰᠡᠯᠲᠡᠭᠦᠷᠡᠵᠦ
 ᠣᠮᠲᠣᠭᠠᠶ᠋ᠢᠯᠠᠵᠤ ᠪᠣᠯᠬᠤ ᠦᠭᠡᠢ
 ᠨᠣᠮ ᠲᠠᠢ ᠨᠥᠬᠥᠷᠯᠡᠶ᠎ᠡ
 ᠨᠣᠮ ᠰᠠᠶ᠋ᠢᠨ ᠤᠩᠰᠢᠶ᠎ᠠ
 ᠠᠯᠭᠧᠪᠷᠠ ᠬᠢᠮᠢ ᠂ ᠹᠢᠽᠢᠺ
 ᠠᠲ᠋ᠣᠮ ᠂ ᠮᠣᠯᠧᠺᠦᠶ᠋ᠯ᠂ ᠡᠯᠧᠺᠲ᠋ᠷᠣᠨ᠁
 ᠠᠨᠠᠭᠠᠬᠤ ᠂ ᠭᠠᠩᠨᠠᠬᠤ ᠮᠡᠷᠭᠡᠵᠢᠯ ᠴᠢᠲᠠᠪᠤᠷᠢ ᠁
 ᠠᠶᠠᠯᠠᠬᠤ ᠂ ᠵᠤᠭᠠᠴᠠᠬᠤ ᠂ ᠮᠡᠲᠡᠭᠡ ᠵᠠᠩᠬᠢ ᠁
 ᠠᠯᠢ ᠶ᠋ᠢ ᠨᠢ ᠪᠣᠯᠪᠠᠴᠤ ᠮᠡᠲᠡᠬᠦ ᠴᠢᠬᠤᠯᠠ ᠲᠠᠢ
 ᠠᠯᠠᠭ ᠬᠠᠪᠢᠰᠤᠲᠤ ᠨᠣᠮ ᠠ᠋ᠴᠠ
 ᠰᠠᠯᠵᠤ ᠴᠢᠲᠠᠬᠤ ᠦᠭᠡᠢ
 ᠨᠣᠮ ᠲᠠᠢ ᠨᠥᠬᠥᠷᠯᠡᠶ᠎ᠡ
 ᠨᠣᠮ ᠰᠠᠶ᠋ᠢᠨ ᠤᠩᠰᠢᠶ᠎ᠠ
 ᠠᠭᠤᠲᠠᠮ  ᠳᠡᠯᠡᠬᠡᠢ ᠶ᠋ᠢᠨ ᠰᠣᠨᠢᠨ ᠰᠠᠶ᠋ᠢᠬᠠᠨ
 ᠤᠯᠤᠰ ᠭᠦᠷᠦᠨ ᠪ  ᠬᠥᠭᠵᠢᠯ ᠳᠡᠪᠰᠢᠯ
 ᠤᠷᠭᠤᠵᠤ ᠮᠥᠬᠥᠬᠦ ᠶ᠋ᠢᠨ ᠤᠴᠢᠷ ᠶᠣᠰᠣ
 ᠤᠬᠠᠭᠠᠷᠠᠵᠤ ᠰᠡᠬᠡᠭᠡᠷᠡᠬᠦ ᠶ᠋ᠢᠨ ᠠᠷᠬ᠋᠎ᠠ ᠵᠦᠢ
 ᠤᠭᠤᠷᠠᠭ ᠲᠠᠷᠢᠬᠢ ᠶ᠋ᠢ ᠰᠡᠷᠭᠦᠭᠡᠬᠦ
 ᠣᠶᠤᠨ ᠪᠤᠯᠠᠭ ᠦ᠋ᠨ ᠡᠬᠢ ᠣᠨᠲᠣᠷᠣᠯ
 ᠣᠯᠠᠨ ᠮᠡᠲᠡᠯᠭᠡᠲᠦ ᠨᠣᠮ ᠠ᠋ᠴᠠ
 ᠣᠭᠲᠣᠬᠠᠨ ᠴᠥ᠍ ᠵᠠᠶ᠋ᠢᠲᠠᠵᠤ ᠳᠡᠶ᠋ᠢᠯᠬᠦ ᠦᠭᠡᠢ
 ᠨᠣᠮ ᠲᠠᠢ ᠨᠥᠬᠥᠷᠯᠡᠶ᠎ᠡ
 ᠨᠣᠮ ᠰᠠᠶ᠋ᠢᠨ ᠤᠩᠰᠢᠶ᠎ᠠ !

 ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

        ᠦᠰᠦᠭ ᠠᠮᠢᠯᠠᠭᠤᠯᠤᠭᠴᠢ ᠄  ᠳᠠᠰᠢᠮ᠎ᠠ
         ᠬᠢᠨᠠᠭᠴᠢ ᠄ ᠪᠠᠶᠠᠷᠴᠡᠴᠡᠭ  ᠪᠠᠭᠰᠢ
               2023 ᠣᠨ ᠪ 2 ᠰᠠᠷ᠎ᠠ ᠶ᠋ᠢᠨ 27 ᠪ ᠡᠲᠦᠷ