ᠮᠣᠩᠭᠣᠯ ᠪᠦᠰᠡᠭᠦᠢ ᠶᠢᠨ ᠭᠠᠢᠬᠠᠮᠰᠢᠭ - ᠪᠠᠲᠤᠰᠦ᠋ᠬᠡ ᠂ ᠳᠡᠯᠭᠡᠷᠮᠦ᠋ᠷᠡᠨМонгол бүсгүйн гайхамшиг-батсүх , дэлгэрмөрөн
ᠮᠣᠩᠭᠣᠯ ᠪᠦᠰᠡᠭᠦᠢ ᠶᠢᠨ ᠭᠠᠢᠬᠠᠮᠰᠢᠭ
ᠦᠭᠡ ᠄ ᠱ
· ᠪᠠᠳᠢᠷᠴᠢ
ᠠᠶ᠎ᠠ ᠄
ᠳ · ᠽᠸᠩᠷᠠᠪᠳᠠᠨ
ᠳᠠᠭᠤᠴᠢᠨ
᠄ ᠪᠠᠲᠤᠰᠦ᠋ᠬᠡ ᠂ ᠳᠡᠯᠭᠡᠷᠮᠦ᠋ᠷᠡᠨ
ᠬᠠᠷᠠᠬᠠᠨ ᠨᠢᠳᠦ ᠴᠢᠨᠢ ᠨᠠᠷᠠᠨ ᠤ ᠭᠡᠷᠡᠯ ᠡᠴᠡ ᠬᠠᠮᠢᠭᠠᠬᠢ ᠨᠢ ᠥᠭᠡᠷ᠎ᠡ ᠪᠤᠢ
ᠬᠠᠶ᠋ᠢᠷ᠎ᠠ ᠶ᠋ᠢᠨ ᠳᠠᠭᠤᠤ ᠴᠢᠨᠢ ᠭᠤᠷᠭᠤᠤᠯᠳᠠᠢ ᠠ᠋ᠴᠠ ᠶᠠᠭᠤᠨ ᠤ ᠥᠭᠡᠷ᠎ᠡ ᠪᠤᠢ
ᠬᠠᠶ᠋ᠢᠷᠠᠯᠠᠨ ᠠᠯᠠᠭ ᠴᠡᠭᠡᠵᠢᠨ ᠳᠦ ᠬᠠᠨᠢᠷᠠᠭᠠᠳ ᠬᠠᠨᠢᠰᠠᠭᠠᠳ ᠪᠠᠷᠠᠮ᠎ᠠ ᠦᠭᠡᠢ
ᠬᠠᠲᠤᠨ ᠵᠢᠷᠦᠬᠡᠨ ᠦ ᠠᠯᠳᠠᠷᠠᠢ ᠬᠠᠯᠬ᠎ᠠ ᠶ᠋ᠢᠨ ᠰᠤᠤᠲᠤ ᠭᠠᠶ᠋ᠢᠬᠠᠮᠰᠢᠬ
ᠢᠨᠢᠶᠡᠮᠰᠦᠭᠯᠡᠯ ᠴᠢᠨᠢ ᠵᠤᠯᠠ ᠶ᠋ᠢᠨ ᠭᠡᠷᠡᠯ ᠡᠴᠡ ᠬᠠᠮᠢᠭᠠᠬᠢ ᠨᠢ ᠥᠭᠡᠷ᠎ᠡ ᠪᠤᠢ
ᠡᠩᠬᠦᠷᠡᠢ ᠬᠠᠶ᠋ᠢᠷ᠎ᠠ ᠴᠢᠨᠢ ᠡᠬᠡ ᠶ᠋ᠢᠨ ᠮᠢᠨᠢ ᠰᠡᠳᠬᠢᠯ ᠡᠴᠡ ᠶᠠᠭᠤᠨ ᠤ
ᠥᠭᠡᠷ᠎ᠡ ᠪᠤᠢ
ᠰᠠᠷᠨᠠᠢ ᠴᠡᠴᠡᠭ ᠦᠨ ᠭᠤᠩᠬᠠᠬᠤ ᠶ᠋ᠢ ᠨᠢ ᠰᠠᠭᠠᠲᠠᠭᠠᠳ ᠰᠠᠭᠠᠲᠠᠭᠠᠳ ᠪᠠᠷᠠᠮ᠎ᠠ
ᠦᠭᠡᠢ
ᠰᠠᠶ᠋ᠢᠬᠠᠨ ᠮᠣᠩᠭᠣᠯ ᠪᠦᠰᠡᠭᠦᠢ ᠰᠠᠷᠠᠨ ᠤ ᠳᠣᠣᠷ᠎ᠠ ᠭᠠᠶ᠋ᠢᠬᠠᠮᠰᠢᠬ
ᠰᠠᠷᠨᠠᠢ ᠴᠡᠴᠡᠭ ᠦᠨ ᠭᠤᠩᠬᠠᠬᠤ ᠶ᠋ᠢ ᠨᠢ ᠰᠠᠭᠠᠲᠠᠭᠠᠳ ᠰᠠᠭᠠᠲᠠᠭᠠᠳ ᠪᠠᠷᠠᠮ᠎ᠠ
ᠦᠭᠡᠢ
ᠰᠠᠶ᠋ᠢᠬᠠᠨ ᠮᠣᠩᠭᠣᠯ ᠪᠦᠰᠡᠭᠦᠢ ᠰᠠᠷᠠᠨ ᠤ ᠳᠣᠣᠷ᠎ᠠ ᠭᠠᠶ᠋ᠢᠬᠠᠮᠰᠢᠬ
ᠠᠭᠠᠰᠢᠨ ᠤ ᠰᠠᠶ᠋ᠢᠬᠠᠨ ᠵᠢᠷᠦᠬᠡᠨ ᠦ ᠬᠠᠶ᠋ᠢᠷ᠎ᠠ ᠠ᠋ᠴᠠ ᠬᠠᠮᠢᠭᠠᠬᠢ ᠨᠢ
ᠥᠭᠡᠷ᠎ᠡ ᠪᠤᠢ
ᠠᠪᠢᠶᠠᠰ ᠡᠷᠳᠡᠮ ᠨᠢ ᠠᠷᠪᠠᠨ ᠬᠤᠷᠤᠭᠤ ᠲᠡᠭᠰᠢ ᠡᠴᠡ ᠥᠭᠡᠷ᠎ᠡ ᠴᠦ᠍ ᠦᠭᠡᠢ ᠶᠧ
ᠤᠶ᠋ᠢᠯᠠᠨ ᠳᠦ ᠤᠷᠠᠨ ᠢᠶ᠋ᠠᠨ ᠭᠠᠶ᠋ᠢᠬᠠᠭᠤᠯᠬᠤ ᠶ᠋ᠢ ᠨᠢ ᠦᠵᠡᠭᠡᠳ ᠦᠵᠡᠭᠡᠳ
ᠬᠠᠨᠤᠮᠠ ᠦᠭᠡᠢ
ᠦᠨᠡᠨ ᠵᠢᠷᠦᠬᠡᠨ ᠦ ᠠᠯᠳᠠᠷᠠᠢ ᠦᠯᠡᠮᠵᠢ ᠶ᠋ᠢᠨ ᠰᠤᠤᠲᠤ ᠭᠠᠶ᠋ᠢᠬᠠᠮᠰᠢᠬ
ᠰᠠᠷᠠᠭᠤᠯ ᠤᠬᠠᠭᠠᠨ ᠴᠢᠨᠢ ᠰᠠᠷᠠᠨ ᠤ ᠭᠡᠷᠡᠯ ᠡᠴᠡ ᠬᠠᠮᠢᠭᠠᠬᠢ ᠨᠢ ᠥᠭᠡᠷ᠎ᠡ ᠪᠤᠢ
ᠰᠠᠨᠠᠭᠰᠠᠨ ᠰᠠᠨᠠᠭ᠎ᠠ ᠰᠠᠭᠠᠭᠰᠠᠨ ᠰᠦᠨ ᠡᠴᠡ ᠶᠠᠭᠤᠨ ᠤ ᠥᠭᠡᠷ᠎ᠡ ᠪᠤᠢ
ᠨᠠᠨᠳᠢᠨ ᠰᠠᠶ᠋ᠢᠬᠠᠨ ᠴᠢᠨᠠᠷ ᠢ ᠨᠢ ᠮᠠᠭᠲᠠᠭᠠᠳ ᠮᠠᠭᠲᠠᠭᠠᠳ ᠪᠠᠷᠠᠮ᠎ᠠ ᠦᠭᠡᠢ
ᠨᠠᠮᠪᠠᠯᠢᠬ ᠮᠣᠩᠭᠣᠯ ᠪᠦᠰᠡᠭᠦᠢ ᠨᠠᠷᠠᠨ ᠤ ᠳᠣᠣᠷ᠎ᠠ ᠭᠠᠶ᠋ᠢᠬᠠᠮᠰᠢᠬ
ᠨᠠᠨᠳᠢᠨ ᠰᠠᠶ᠋ᠢᠬᠠᠨ ᠴᠢᠨᠠᠷ ᠢ ᠨᠢ ᠮᠠᠭᠲᠠᠭᠠᠳ ᠮᠠᠭᠲᠠᠭᠠᠳ ᠪᠠᠷᠠᠮ᠎ᠠ ᠦᠭᠡᠢ
ᠨᠠᠮᠪᠠᠯᠢᠬ ᠮᠣᠩᠭᠣᠯ ᠪᠦᠰᠡᠭᠦᠢ ᠨᠠᠷᠠᠨ ᠤ ᠳᠣᠣᠷ᠎ᠠ ᠭᠠᠶ᠋ᠢᠬᠠᠮᠰᠢᠬ
ᠨᠠᠷᠠᠨ ᠤ ᠳᠣᠣᠷ᠎ᠠ ᠭᠠᠶ᠋ᠢᠬᠠᠮᠰᠢᠬ
