ᠪᠢ ᠡᠷᠲᠡ ᠪᠣᠰᠤᠨ᠎ᠠ – ᠭᠦᠷᠵᠠᠪ Би эрт босно – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠡᠷᠲᠡ ᠪᠣᠰᠤᠨ᠎ᠠ – ᠭᠦᠷᠵᠠᠪ Би эрт босно – Гүржав

ᠪᠢ ᠡᠷᠲᠡ ᠪᠣᠰᠤᠨ᠎ᠠ – ᠭᠦᠷᠵᠠᠪ Би эрт босно – Гүржав

2023-03-02

335

ᠪᠢ ᠡᠷᠲᠡ ᠪᠣᠰᠤᠨ᠎ᠠ


             ᠭᠦᠷᠵᠠᠪ

 ᠥᠨᠲᠥᠷ ᠲᠦ ᠭᠢᠯᠠᠯᠵᠠᠬᠤ
 ᠦᠷ ᠦ᠋ᠨ ᠴᠣᠯᠮᠣᠨ ᠲᠠᠢ ᠵᠡᠷᠭᠡᠴᠡᠨ
 ᠡᠪᠡᠰᠦᠨ  ᠳᠦ ᠱᠤᠯᠤᠭᠠᠨᠠᠬᠤ
 ᠪᠣᠯᠵᠣᠮᠣᠷ ᠰᠢᠪᠠᠭᠤᠨ ᠲᠠᠢ ᠤᠷᠤᠯᠲᠤᠨ
 ᠡᠪᠦᠷ ᠲᠡᠭᠡᠨ ᠬᠣᠷᠭᠣᠲᠠᠲᠠᠭ
 ᠡᠷᠬᠡ ᠵᠠᠩ ᠶ᠋ᠢᠠᠨ ᠲᠡᠪᠴᠢᠨ
 ᠥᠰᠴᠦ ᠲᠣᠮᠣᠭᠠᠵᠢᠬᠤ
 ᠪᠡᠶ᠎ᠡ ᠤᠬᠠᠭᠠᠨ ᠶ᠋ᠢᠠᠨ ᠴᠢᠩᠲᠠᠯᠠᠨ
     ᠪᠢ ᠡᠷᠲᠡ ᠪᠣᠰᠤᠨ᠎ᠠ ᠃
 ᠡᠪᠦᠭᠡ ᠡᠮᠡᠭᠡ ᠪᠠᠷ ᠶ᠋ᠢᠠᠨ
 ᠡᠷᠭᠦᠭᠦᠯᠵᠦ ᠳᠠᠭᠤᠳᠠᠭᠤᠯᠬᠤ ᠦᠭᠡᠢ
 ᠥᠭᠡᠷ᠎ᠡ ᠪᠤᠰᠤᠳ ᠶ᠋ᠢᠠᠷ
 ᠵᠢᠮᠡᠯᠡᠭᠦᠯᠵᠦ ᠰᠢᠭᠦᠮᠵᠢᠯᠡᠬᠦᠯᠬᠦ ᠦᠭᠡᠢ
 ᠥᠪᠡᠷ ᠦ᠋ᠨ ᠲᠣᠭᠲᠠᠭᠰᠠᠨ
 ᠳᠦᠷᠢᠮ ᠶᠣᠰᠣ ᠪᠠᠷ ᠶ᠋ᠢᠠᠨ
 ᠡᠲᠦᠷ ᠦ᠋ᠨ 《 ᠠᠵᠢᠯ 》 ᠦ᠋ᠨ
 ᠲᠥᠯᠥᠪᠯᠡᠭᠡ ᠶᠣᠰᠣ ᠪᠠᠷ ᠶ᠋ᠢᠠᠨ
     ᠪᠢ ᠡᠷᠲᠡ ᠪᠣᠰᠤᠨ᠎ᠠ ᠃
 ᠥᠷᠥᠮ᠎ᠡ ᠲᠡᠢ ᠪᠤᠲᠠᠬ᠋᠎ᠠ ᠪᠠᠨ
 ᠪᠤᠰᠢᠭᠤᠬᠠᠨ ᠢᠲᠡᠴᠢᠬᠡᠭᠡᠳ
 ᠥᠷᠯᠥᠭᠡ ᠶ᠋ᠢᠨ ᠤᠩᠰᠢᠯᠬ᠋᠎ᠠ ᠪᠠᠨ 
 ᠪᠠᠲᠤᠲᠠᠶ᠋ᠢᠬᠠᠨ ᠪᠡᠶᠡᠯᠡᠭᠦᠯᠴᠢᠬᠡᠭᠡᠳ
 ᠥᠩᠰᠢᠭ ᠲᠣᠷᠭᠠᠨ
 ᠤᠯᠠᠭᠠᠨ ᠪᠦᠴᠡ ᠪᠡᠨ ᠵᠡᠭᠦᠭᠡᠳ
 ᠥᠯᠥᠭᠡᠢ — ᠰᠤᠷᠭᠠᠭᠤᠯᠢ ᠵᠦᠭ ᠶ᠋ᠢᠡᠨ
 ᠪᠠᠶᠠᠷᠲᠠᠶ᠋ᠢᠬᠠᠨ  ᠬᠦᠶᠦᠬᠦ ᠪᠡᠷ
      ᠪᠢ ᠡᠷᠲᠡ ᠪᠣᠰᠤᠨ᠎ᠠ ᠃

 ᠥᠷᠥᠰᠢᠶᠡᠯᠲᠦ ᠪᠠᠭᠰᠢ ᠶ᠋ᠢᠨ ᠶ᠋ᠢᠡᠨ
 ᠦᠭᠡ ᠰᠤᠷᠭᠠᠯ ᠊ᠢ ᠰᠣᠨᠣᠰᠴᠤ
 ᠥᠨᠢᠷ ᠳᠡᠯᠭᠡᠷ
 ᠮᠡᠲᠡᠯᠭᠡ ᠰᠣᠶᠣᠯ  ᠳᠦ ᠰᠢᠮᠲᠠᠵᠤ
 ᠦᠯᠡᠮᠵᠢ ᠴᠢᠨᠠᠷᠯᠢᠬ
 ᠦᠷ᠎ᠡ ᠪᠦᠲᠦᠭᠡᠯ ᠭᠠᠷᠭᠠᠵᠤ
 ᠥᠯᠵᠡᠶ᠋ᠢᠲᠦ ᠰᠠᠮᠪᠠᠷ᠎ᠠ ᠳᠦ
 ᠨᠡᠷ᠎ᠡ ᠠᠯᠲᠠᠷ ᠶ᠋ᠢᠠᠨ ᠳᠠᠭᠤᠳᠠᠭᠤᠯᠬᠤ ᠪᠠᠷ
     ᠪᠢ ᠡᠷᠲᠡ ᠪᠣᠰᠤᠨ᠎ᠠ ᠃
 
 ᠢᠷᠡᠯᠲᠡ– < ᠬᠡᠦᠬᠡᠳ ᠨᠠᠰᠤ ᠰᠠᠶ᠋ᠢᠬᠠᠨ>
          ᠭᠦᠷᠵᠠᠪ ᠵᠣᠬᠢᠶᠠᠪᠠ
        ᠥᠪᠥᠷ ᠮᠤᠩᠭ᠋ᠤᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
         ᠥᠪᠥᠷ ᠮᠤᠩᠭ᠋ᠤᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
           ᠥᠪᠥᠷ ᠮᠤᠩᠭ᠋ᠤᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
        2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
        2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

            ᠦᠰᠦᠭ ᠠᠮᠢᠯᠠᠭᠤᠯᠤᠭᠴᠢ ᠄ ᠳᠠᠰᠢᠮ᠎ᠠ
           ᠬᠢᠨᠠᠭᠴᠢ ᠄  ᠪᠠᠶᠠᠷᠴᠡᠴᠡᠭ  ᠪᠠᠭᠰᠢ
                      2023 ᠣᠨ ᠪ 2 ᠰᠠᠷ᠎ᠠ ᠶ᠋ᠢᠨ 26 ᠪ ᠡᠲᠦᠷ