ᠪᠢ ᠬᠠᠮᠢᠬ᠋᠎ᠠ ᠲᠥᠷᠥᠭᠡ ᠪᠤᠢ – ᠪ ᠂ ᠶᠠᠪᠤᠭᠤᠬᠤᠯᠠᠨ Би хаана төрөө вэ – Б᠂ Явуухулан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠬᠠᠮᠢᠬ᠋᠎ᠠ ᠲᠥᠷᠥᠭᠡ ᠪᠤᠢ – ᠪ ᠂ ᠶᠠᠪᠤᠭᠤᠬᠤᠯᠠᠨ Би хаана төрөө вэ – Б᠂ Явуухулан

ᠪᠢ ᠬᠠᠮᠢᠬ᠋᠎ᠠ ᠲᠥᠷᠥᠭᠡ ᠪᠤᠢ – ᠪ ᠂ ᠶᠠᠪᠤᠭᠤᠬᠤᠯᠠᠨ Би хаана төрөө вэ – Б᠂ Явуухулан

2023-03-02

1206

ᠪᠢ ᠬᠠᠮᠢᠬ᠋᠎ᠠ ᠲᠥᠷᠥᠭᠡ ᠪᠤᠢ


          ᠪ ᠂ ᠶᠠᠪᠤᠭᠤᠬᠤᠯᠠᠨ

 ᠬᠥᠬᠡ ᠮᠠᠩᠬᠠᠨ ᠲᠩᠷᠢ ᠶ᠋ᠢ ᠡᠵᠡᠩᠨᠡᠩᠭᠡᠨ ᠲᠥᠷᠥᠯ᠎ᠡ ᠪᠢ
 ᠬᠥᠮᠦᠰᠬᠡᠨ ᠰᠠᠷᠠᠨ ᠪ ᠠᠶᠠᠯᠠᠬᠤ ᠠᠯᠤᠰ ᠦ᠋ᠨ ᠠᠯᠤᠰ ᠲᠣᠭᠣᠷᠢᠬ ᠲᠤ
 ᠬᠣᠯᠠ ᠶ᠋ᠢᠨ ᠬᠣᠶᠠᠷ ᠣᠲᠣᠨ ᠪ ᠳᠣᠬᠢᠶᠠᠬᠤ ᠪᠢᠴᠢᠬᠠᠨ ᠴᠢᠯᠥᠭᠡᠨ  ᠳᠦ
 ᠬᠣᠶᠠᠷ ᠨᠢᠲᠦᠨ ᠪ ᠦᠵᠦᠭᠦᠷ ᠲᠦ ᠴᠡᠩᠬᠡᠷᠯᠡᠬᠦ ᠲᠡᠲᠦᠢ ᠲᠡᠷᠲᠡᠭᠡ ᠳᠦ
 ᠬᠥᠬᠡ ᠮᠠᠩᠬᠠᠨ ᠲᠩᠷᠢ ᠶ᠋ᠢ ᠡᠵᠡᠩᠨᠡᠩᠭᠡᠨ ᠲᠥᠷᠥᠯ᠎ᠡ ᠪᠢ

 ᠴᠠᠰᠤᠲᠤ ᠴᠠᠭᠠᠨ ᠠᠭᠤᠯᠠ ᠶ᠋ᠢ  ᠡᠵᠡᠩᠨᠡᠩᠭᠡᠨ ᠲᠥᠷᠥᠯ᠎ᠡ ᠪᠢ
 ᠴᠠᠩ ᠬᠡᠦᠷᠡᠭ ᠰᠠᠪᠰᠠᠵᠤ ᠡᠭᠦᠯᠡᠰ ᠣᠷᠢᠶᠠᠬᠤ ᠣᠷᠭᠢᠯ  ᠳᠦ
 ᠴᠠᠰᠤᠨ  ᠰᠢᠷᠬᠡᠭ ᠴᠠᠷᠴᠠᠵᠤ ᠮᠥᠰᠥ ᠪᠣᠯᠬᠤ ᠬᠠᠯᠢᠯ  ᠳᠦ
 ᠴᠠᠷᠭᠢᠶ᠎ᠠ ᠬᠦᠢᠲᠡᠨ ᠡᠪᠦᠯ ᠰᠠᠷᠯᠤᠭ ᠦ᠋ᠨ ᠪᠤᠬ᠎ᠠ ᠲᠤᠰᠢᠬᠰᠠᠨ
 ᠴᠠᠰᠤᠲᠤ ᠴᠠᠭᠠᠨ ᠠᠭᠤᠯᠠ ᠶ᠋ᠢ  ᠡᠵᠡᠩᠨᠡᠩᠭᠡᠨ ᠲᠥᠷᠥᠯ᠎ᠡ ᠪᠢ

 ᠣᠩᠭᠣᠨ ᠴᠡᠩᠬᠡᠷ ᠲᠠᠯ᠎ᠠ ᠶ᠋ᠢ ᠡᠵᠡᠩᠨᠡᠩᠭᠡᠨ ᠲᠥᠷᠥᠯ᠎ᠡ ᠪᠢ
 ᠤᠷᠤᠭ ᠰᠠᠭᠠᠷᠠᠯ ᠵᠡᠷᠭᠡᠯᠭᠡᠨ  ᠬᠠᠪᠤᠷ ᠰᠦᠮᠡᠯᠵᠡᠬᠦ ᠬᠥᠨᠲᠡᠢ  ᠳᠦ
 ᠣᠷᠣᠭᠰᠠᠨ ᠪᠤᠤᠷ᠎ᠠ ᠶ᠋ᠢᠨ ᠰᠢᠲᠦ ᠡᠪᠦᠯ ᠬᠠᠩᠭᠢᠨᠠᠬᠤ ᠬᠣᠭᠣᠯᠠᠢ  ᠳᠦ
 ᠥᠯᠥᠭ ᠭᠦᠷᠪᠡᠯ ᠦ᠋ᠨ ᠮᠥᠷ ᠊ᠢ ᠡᠲᠦᠢ  ᠬᠦᠷᠲᠡᠯ᠎ᠡ ᠬᠠᠲᠠᠭᠠᠯᠠᠭᠰᠠᠨ
 ᠣᠩᠭᠣᠨ ᠴᠡᠩᠬᠡᠷ ᠲᠠᠯ᠎ᠠ ᠶ᠋ᠢ ᠡᠵᠡᠩᠨᠡᠩᠭᠡᠨ ᠲᠥᠷᠥᠯ᠎ᠡ ᠪᠢ

 ᠮᠥᠷᠡᠨ ᠭᠣᠣᠯ ᠦ᠋ᠨ ᠤᠰᠤ ᠶ᠋ᠢ ᠡᠵᠡᠩᠨᠡᠩᠭᠡᠨ ᠲᠥᠷᠥᠯ᠎ᠡ ᠪᠢ
 ᠮᠥᠩᠭᠥᠨ ᠰᠠᠷᠠᠨ ᠪ ᠰᠡᠭᠦᠲᠡᠷ ᠳᠣᠯᠢᠶᠠᠷᠠᠨ ᠬᠥᠪᠬᠦ ᠳᠣᠯᠭᠢᠶᠠᠨ  ᠳᠦ
 ᠮᠢᠨᠦ ᠡᠪᠦᠭᠡ ᠳᠡᠭᠡᠳᠦᠰ ᠦ᠋ᠨ ᠮᠣᠷᠢᠨ ᠲᠣᠯᠣᠭᠠᠢ ᠳᠦ ᠨᠠᠭᠠᠯᠲᠤᠭᠰᠠᠨ
 ᠬᠥᠮᠦᠨ ᠪ ᠨᠤᠲᠤᠭ ᠦ᠋ᠨ ᠰᠢᠷᠣᠢ ᠶ᠋ᠢ ᠠᠷᠢᠭᠤᠨ ᠤᠰᠤ ᠪᠠᠷ ᠶ᠋ᠢᠠᠨ ᠤᠬᠢᠶᠠᠭᠰᠠᠨ
 ᠮᠥᠷᠡᠨ ᠭᠣᠣᠯ ᠦ᠋ᠨ ᠤᠰᠤ ᠶ᠋ᠢ ᠡᠵᠡᠩᠨᠡᠩᠭᠡᠨ ᠲᠥᠷᠥᠯ᠎ᠡ ᠪᠢ

 ᠦᠨᠦᠷ ᠢᠯᠲᠠᠮ ᠠᠬᠢ ᠭᠠᠩᠬ᠋᠎ᠠ ᠶ᠋ᠢ ᠡᠵᠡᠩᠨᠡᠩᠭᠡᠨ ᠲᠥᠷᠥᠯ᠎ᠡ ᠪᠢ
 ᠦᠦᠷ ᠰᠦᠨᠢ ᠶ᠋ᠢᠨ ᠵᠠᠪᠰᠠᠷ ᠰᠢᠭᠦᠲᠡᠷᠢ ᠪᠠᠭᠤᠬᠤ ᠨᠠᠪᠴᠢᠨ  ᠳᠦ
 ᠦᠷᠢᠯ ᠤᠰᠤᠨ ᠰᠢᠭᠦᠲᠡᠷᠢ  ᠳᠦ  ᠣᠲᠣᠳ ᠭᠢᠯᠠᠯᠵᠠᠬᠤ ᠳᠡᠯᠪᠡᠭᠡᠨ  ᠳᠦ
 ᠦᠬᠦᠯ ᠦᠭᠡᠢ ᠮᠥᠩᠬᠡ ᠶ᠋ᠢᠨ ᠪᠡᠯᠭᠡᠲᠡᠯ ᠴᠠᠭᠠᠨ ᠤᠤᠯᠠ  ᠴᠡᠴᠡᠭ ᠲᠦ
 ᠦᠨᠦᠷ ᠢᠯᠲᠠᠮ ᠠᠬᠢ ᠭᠠᠩᠬ᠋᠎ᠠ ᠶ᠋ᠢ ᠡᠵᠡᠩᠨᠡᠩᠭᠡᠨ ᠲᠥᠷᠥᠯ᠎ᠡ ᠪᠢ

 ᠵᠡᠭᠦᠷᠮᠡᠭᠯᠡᠭᠴᠢ ᠬᠤᠨ ᠰᠢᠭ᠋ ᠭᠡᠷ ᠊ᠢ ᠡᠵᠡᠩᠨᠡᠩᠭᠡᠨ ᠲᠥᠷᠥᠯ᠎ᠡ ᠪᠢ
 ᠵᠦᠢᠲᠡᠯ ᠦᠭᠡᠢ ᠴᠠᠭᠠᠨ ᠡᠷᠦᠬᠡᠨ ᠪ ᠬᠣᠶ᠋ᠢᠮᠣᠰᠤᠯᠠᠵᠤ ᠲᠠᠮᠤᠭᠰᠠᠨ ᠣᠭᠣᠰᠣᠷ ᠲᠤ
 ᠵᠢᠷᠦᠬᠡᠨ ᠤᠯᠠᠭᠠᠨ ᠭᠠᠯ ᠲᠠᠢ ᠭᠠᠩ ᠲᠤᠯᠬ᠋᠎ᠠ ᠶ᠋ᠢᠨ ᠲᠣᠲᠣᠭᠣᠨ ᠳᠦ
 ᠵᠠᠭᠤᠨ ᠲᠦᠮᠡᠨ ᠦᠶ᠎ᠡ ᠳᠦ ᠮᠣᠩᠭᠣᠯ ᠬᠥᠮᠦᠨ ᠪ ᠢᠳᠡᠭᠡᠰᠢᠭᠰᠡᠨ
 ᠵᠡᠭᠦᠷᠮᠡᠭᠯᠡᠭᠴᠢ ᠬᠤᠨ ᠰᠢᠭ᠋ ᠭᠡᠷ ᠊ᠢ ᠡᠵᠡᠩᠨᠡᠩᠭᠡᠨ ᠲᠥᠷᠥᠯ᠎ᠡ ᠪᠢ

 ᠰᠠᠶ᠋ᠢᠬᠠᠨ ᠪᠦᠰᠡᠭᠦᠢ ᠶ᠋ᠢᠨ ᠰᠡᠤᠠᠬᠢᠯ ᠊ᠢ ᠡᠵᠡᠩᠨᠡᠩᠭᠡᠨ ᠲᠥᠷᠥᠯ᠎ᠡ ᠪᠢ
 ᠰᠣᠷᠮᠤᠤᠰᠤᠨ ᠳᠤᠮᠳᠠ ᠪᠠᠨ ᠲᠠᠯᠮᠢᠶᠠᠷᠠᠬᠤ ᠠᠯᠠᠭ ᠨᠢᠲᠦᠨ ᠪ ᠮᠡᠯᠮᠡᠷᠡᠭᠡᠨ  ᠳᠦ
 ᠰᠠᠭᠠᠯᠢ ᠶ᠋ᠢᠨ ᠦᠨᠦᠷ ᠬᠠᠩᠬᠤᠯᠤᠭᠰᠠᠨ ᠳᠡᠪᠡᠯ ᠦ᠋ᠨ ᠬᠣᠷᠮᠣᠢ ᠶ᠋ᠢᠨ ᠨᠤᠭᠤᠯᠤᠭᠠᠰᠤᠨ  ᠳᠦ
 ᠰᠠᠨᠠᠨ ᠰᠠᠨᠠᠨ ᠤᠶᠠᠷᠠᠬᠤ ᠴᠡᠪᠡᠷ ᠢᠴᠢᠮᠡᠲᠡᠭᠡᠢ ᠠᠭᠠᠰᠢᠨ  ᠳᠦ
 ᠰᠠᠶ᠋ᠢᠬᠠᠨ ᠪᠦᠰᠡᠭᠦᠢ ᠶ᠋ᠢᠨ ᠰᠡᠤᠠᠬᠢᠯ ᠊ᠢ ᠡᠵᠡᠩᠨᠡᠩᠭᠡᠨ ᠲᠥᠷᠥᠯ᠎ᠡ ᠪᠢ

 ᠲᠡᠩᠭᠡᠭᠡᠲᠦ ᠬᠥᠯᠥᠭ ᠦ᠋ᠨ  ᠳᠥᠷᠥᠭᠡ ᠶ᠋ᠢ ᠡᠵᠡᠩᠨᠡᠩᠭᠡᠨ ᠲᠥᠷᠥᠯ᠎ᠡ ᠪᠢ
 ᠲᠡᠯᠡᠮᠡᠨ ᠵᠢᠷᠣᠬ᠋᠎ᠠ ᠮᠣᠷᠢᠨ  ᠪ ᠱᠠᠩᠬᠤᠨ ᠪ ᠦᠵᠦᠭᠦᠷ ᠦ᠋ᠨ  ᠴᠡᠴᠡᠷᠡᠭᠡᠨ  ᠳᠦ
 ᠲᠩᠷᠢ ᠶ᠋ᠢᠨ ᠰᠠᠯᠬᠢᠨ  ᠠ᠋ᠴᠠ ᠪᠤᠰᠤᠳ ᠊ᠢ ᠳᠡᠭᠡᠷ᠎ᠡ ᠪᠡᠨ ᠭᠠᠷᠭᠠᠵᠤ  ᠦᠵᠡᠭᠡᠲᠦᠢ
 ᠲᠡᠨᠢᠭᠡᠷ  ᠭᠣᠪᠢ ᠶ᠋ᠢᠨ  ᠰᠥᠷᠦᠭ ᠣᠩᠭᠣᠨ ᠬᠤᠯᠠᠨ ᠪ ᠨᠢᠷᠤᠭᠤᠨ  ᠳᠦ
 ᠲᠡᠩᠭᠡᠭᠡᠲᠦ  ᠬᠥᠯᠥᠭ ᠦ᠋ᠨ  ᠳᠥᠷᠥᠭᠡ ᠶ᠋ᠢ ᠡᠵᠡᠩᠨᠡᠩᠭᠡᠨ ᠲᠥᠷᠥᠯ᠎ᠡ ᠪᠢ

 ᠠᠭᠠᠲᠠᠷ  ᠬᠤᠷ᠎ᠠ ᠪᠣᠷᠣᠬ᠋᠎ᠠ ᠶ᠋ᠢ  ᠡᠵᠡᠩᠨᠡᠩᠭᠡᠨ ᠲᠥᠷᠥᠯ᠎ᠡ ᠪᠢ
 ᠠᠮᠤᠭᠤᠯᠠᠩ ᠲᠩᠷᠢ ᠶ᠋ᠢ ᠴᠣᠴᠢᠭᠠᠬᠤ ᠠᠶᠤᠩᠬ᠋᠎ᠠ ᠶ᠋ᠢᠨ ᠲᠣᠭᠰᠢᠨ ᠭᠢᠯᠪᠠᠭᠠᠨ  ᠳᠦ
 ᠠᠷᠢᠭᠤᠨ ᠠᠭᠠᠷ ᠲᠤ ᠰᠢᠬᠦᠷᠯᠡᠬᠦ ᠮᠥᠨᠲᠥᠷ ᠦ᠋ᠨ ᠴᠠᠭᠠᠨ ᠰᠢᠷᠬᠡᠭ ᠲᠦ
 ᠠᠯᠲᠠᠨ ᠲᠠᠯ᠎ᠠ  ᠳᠦ ᠲᠠᠲᠠᠬᠤ ᠰᠣᠯᠣᠩᠬ᠋᠎ᠠ ᠶ᠋ᠢᠨ ᠳᠣᠯᠣᠭᠠᠨ ᠥᠩᠭᠡᠨ  ᠳᠦ
 ᠠᠭᠠᠲᠠᠷ ᠬᠤᠷ᠎ᠠ ᠪᠣᠷᠣᠬ᠋᠎ᠠ ᠶ᠋ᠢ  ᠡᠵᠡᠩᠨᠡᠩᠭᠡᠨ ᠲᠥᠷᠥᠯ᠎ᠡ ᠪᠢ

 ᠴᠡᠭᠡᠯᠬᠡᠨ ᠳᠠᠭᠤᠤ ᠶ᠋ᠢᠨ  ᠡᠭᠡᠰᠢᠭ ᠊ᠢ ᠡᠵᠡᠩᠨᠡᠩᠭᠡᠨ ᠲᠥᠷᠥᠯ᠎ᠡ ᠪᠢ
 ᠴᠡᠩᠬᠡᠷ ᠬᠠᠲᠠᠭ ᠦ᠋ᠨ ᠳᠡᠭᠡᠷᠡᠬᠢ ᠮᠥᠩᠭᠥᠨ ᠠᠶᠠᠬ᠋᠎ᠠ ᠲᠠᠢ ᠰᠠᠷᠬᠤᠳ ᠲᠤ
 ᠴᠡᠭᠡᠯ ᠰᠠᠶ᠋ᠢᠬᠠᠨ  ᠡᠭᠡᠰᠢᠭ ᠲᠡᠢ ᠤᠷᠲᠤ ᠶ᠋ᠢᠨ ᠳᠠᠭᠤᠤ ᠶ᠋ᠢᠨ ᠠᠶᠠᠨ ᠳᠦ
 ᠴᠡᠩᠭᠡᠬᠦ ᠵᠣᠪᠠᠬᠤ ᠬᠣᠣᠰᠯᠠᠭᠰᠠᠨ ᠬᠥᠮᠦᠨ ᠪ ᠬᠤᠪᠢ ᠵᠠᠶᠠᠭᠠᠨ  ᠳᠦ
 ᠴᠡᠭᠡᠯᠬᠡᠨ ᠳᠠᠭᠤᠤ ᠶ᠋ᠢᠨ  ᠡᠭᠡᠰᠢᠭ ᠊ᠢ ᠡᠵᠡᠩᠨᠡᠩᠭᠡᠨ ᠲᠥᠷᠥᠯ᠎ᠡ ᠪᠢ

 ᠠᠪᠬᠠᠯᠵᠢᠲᠤ  ᠬᠥᠮᠦᠨ ᠪ ᠪᠡᠶ᠎ᠡ ᠶ᠋ᠢ ᠡᠵᠡᠩᠨᠡᠩᠭᠡᠨ ᠲᠥᠷᠥᠯ᠎ᠡ ᠪᠢ
 ᠠᠮᠢ ᠨᠢᠭᠡᠲᠡᠢ ᠣᠯᠠᠨ ᠪ ᠪᠠᠨ ᠮᠣᠩᠭᠣᠯ ᠶ᠋ᠢᠠᠨ  ᠬᠡᠮᠡᠭᠰᠡᠨ ᠰᠡᠤᠠᠬᠢᠯ  ᠳᠦ
 ᠦᠦᠷ ᠦ᠋ᠨ ᠲᠠᠪᠤᠨ ᠵᠢᠩ ᠶ᠋ᠢᠡᠷ ᠬᠦᠲᠡᠷ ᠨᠡᠬᠡᠨ ᠤᠯᠠᠯᠵᠠᠬᠤ
 ᠦᠢᠯᠡᠤᠠᠪᠦᠷᠢ ᠶ᠋ᠢᠨ ᠦᠨᠲᠦᠷ ᠶᠠᠨᠲᠤᠩ ᠦ᠋ᠨ ᠬᠡᠯᠡᠨ ᠤᠯᠠᠭᠠᠨ ᠭᠠᠯ  ᠳᠦ
 ᠠᠪᠬᠠᠯᠵᠢᠲᠤ ᠬᠥᠮᠦᠨ ᠪ ᠪᠡᠶ᠎ᠡ ᠶ᠋ᠢ ᠡᠵᠡᠩᠨᠡᠩᠭᠡᠨ ᠲᠥᠷᠥᠯ᠎ᠡ ᠪᠢ

 ᠬᠥᠬᠡ ᠲᠩᠷᠢ ᠶ᠋ᠢᠨ ᠣᠷᠣᠨ ᠊ᠢ  ᠡᠵᠡᠩᠨᠡᠩᠭᠡᠨ ᠲᠥᠷᠥᠯ᠎ᠡ ᠪᠢ
 ᠬᠥᠬᠡ ᠮᠣᠩᠭᠣᠯ ᠠᠯᠲᠠᠷᠰᠢᠬᠰᠠᠨ ᠪ ᠦᠶ᠎ᠡ ᠳᠠᠮᠵᠢᠬᠰᠠᠨ ᠳᠣᠮᠣᠭ ᠲᠤ
 ᠬᠦᠴᠦᠷᠬᠡᠭ ᠳᠡᠭᠡᠳᠦᠰ ᠦ᠋ᠨ ᠨᠤᠲᠤᠭ ᠲᠤ ᠮᠠᠨᠲᠤᠭᠰᠠᠨ ᠬᠤᠪᠢᠰᠬᠠᠯ ᠦ᠋ᠨ ᠳᠥᠯᠥᠨ  ᠳᠦ
 ᠬᠥᠷᠥᠰᠥᠲᠦ ᠠᠯᠲᠠᠨ ᠳᠡᠯᠡᠬᠡᠢ ᠶ᠋ᠢᠨ ᠦᠷᠴᠢᠯᠡᠭᠡᠲᠦ ᠮᠠᠩᠨᠠᠢ ᠪᠣᠯᠤᠭᠰᠠᠨ
 ᠬᠥᠬᠡ ᠲᠩᠷᠢ ᠶ᠋ᠢᠨ ᠣᠷᠣᠨ ᠊ᠢ  ᠡᠵᠡᠩᠨᠡᠩᠭᠡᠨ ᠲᠥᠷᠥᠯ᠎ᠡ ᠪᠢ
         1959 ᠤᠨ


        ᠡ᠊ ᠂ ᠪᠠᠲᠠᠷᠠᠩᠭᠤᠢ ᠶ᠋ᠢᠨ ᠨᠠᠶ᠋ᠢᠷᠠᠭᠤᠯᠤᠭᠰᠠᠨ 《 ᠮᠢᠨᠦ  ᠲᠥᠷᠥᠭᠰᠡᠨ ᠨᠤᠲᠤᠭ ᠮᠣᠩᠭᠣᠯ ᠦ᠋ᠨ ᠰᠠᠶ᠋ᠢᠬᠠᠨ ᠣᠷᠣᠨ 》
         ( 2019 ᠣᠨ ᠪ 8 ᠎ᠳ᠋ᠤᠭᠠᠷ ᠰᠠᠷ᠎ᠠ  ᠳᠦ  ᠬᠢᠭᠰᠡᠨ ᠠᠩᠬᠠᠲᠤᠭᠠᠷ ᠬᠡᠪ ) ᠭᠡᠬᠦ ᠰᠢᠯᠦᠭ ᠦ᠋ᠨ ᠲᠡᠭᠦᠪᠦᠷᠢ ᠡᠴᠡ ᠰᠡᠶ᠋ᠢᠷᠡᠭᠦᠯᠪᠡ ᠃


              ᠦᠰᠦᠭ ᠠᠮᠢᠯᠠᠭᠤᠯᠤᠬᠴᠢ ᠄   ᠮᠢᠩᠭᠠᠳ ᠂   ᠴᠢᠮᠡᠭ
               ᠬᠢᠨᠠᠭᠴᠢ   ᠄   ᠬᠠᠳᠠᠴᠢ᠂ ᠤᠷᠠᠨ᠎ᠠ

Би хаана төрөө вэ?

Хөх манхан тэнгэрийг эзэгнэнхэн төрлөө би
Хөмсгөн сарны аялах алсын алс тойрогт
Холын хоёр одны тохиох бяцхан чөлөөнд
Хоёр нүдний үзүүрт цэнхэрлэх төдий тэртээд
Х
өх манхан тэнгэрийг эзэгнэхэн төрлөө би

Цаст цагаан уулыг эзэгнэнхэн төрлөө би
Цан хүүрэг савсаж үүлс ороох оргилд
Цасан ширхэг царцаж мөс болох халилд
Царгиа хүйтэн өвөлд сарлагийн бух дошсон
Цаст цагаан уулыг эзэгнэнхэн төрлөө би

Онгон цэнхэр талыг эзэгнэнхэн төрлөө би
Орог саарал зэрэглээ хавар сүүмэлзэх хөндийд
Орсон буурийн шүд өвөл хангинах хоолойд
Y
лэг гүрвэлийн мөрийг өдий хүртэл хадгалсан
Онгон цэнхэр талыг эзэгнэнхэн төрлөө би

Мөрөн голын усыг эзэгнэнхэн төрлөө би
Мөнгөн сарны сүүдэр толиорон хөвөх долгионд
Миний өвөг дээдсийн морины туурайнд наалдсан
Хүний нутгийн шороог ариун усаараа угаасан
Мөрөн голын усыг эзэгнэнхэн төрлөө би

Yнэр ялдам агь гангыг эзэгнэнхэн төрлөө би
Y
үр шөнийн завсар шүүдэр буух навчинд
Y
рэл усан шүүдэрт нь одод гялалзах дэлбээнд
Yхэлг
үй мөнхийн бэлэгдэл цагаан уул цэцгэнд
Y
нэр ялдам агь гангыг эзэгнэнхэн төрлөө би

Зүүрмэглэгч хун шиг гэрийг эзэгнэнхэн төрлөө би
Зүйдэлгүй цагаан өрхний хоймсолж томсон оосорт
Зүрхэн улаан галтай ган тулгын тотгонд
Зуун түмэн үед монгол хүний идээшсэн
З
үүрмэглэгч хун шиг гэрийг эзэгнэнхэн төрлөө би

Сайхан бүсгүйн сэтгэлийг эзэгнэнхэн төрлөө би
Сормосон дундаан талимаарах алаг нүдний мэлмэрээнд
Саалийн үнэр ханхалсан дээлийн хормойн нугалаасанд
Санан санан уярах цэвэр ичимтгий аашинд
Сайхан бүсгүйн сэтгэлийг эзэгнэнхэн төрлөө би

Тэнхээт хүлгийн дөрөөг эзэгнэнхэн төрлөө би
Тэлмэн жороо морины шанхны үзүүрийн чичиргээнд
Тэнгэрийн салхинаас бусдыг дээрээн гаргаж үзээгүй
Тэнэгэр говийн сүрэг онгон хулангийн нуруунд
Тэнхээт хүлгийн дөрөөг эзэгнэнхэн төрлөө би

Аадар хур бороог эзэгнэнхэн төрлөө би
Амгалан тэнгэрийг цочоох аянгын догшин гялбаанд
Ариун агаарт шүхэрлэх мөндрийн цагаан ширхэгт
Алтан талд татах солонгын долоон өнгөнд
Аадар хур бороог эзэгнэнхэн төрлөө би

Цээлхэн дууний эгшгийг эзэгнэнхэн төрлөө би
Цэнхэр хадган дээрх мөнгөн аягатай сархданд
Цээл сайхан эгшигтэй уртын дууны аянд
Цэнгэх зовох хосолсон хүний хувь заяанд
Цээлхэн дууний эгшгийг эзэгнэнхэн төрлөө би

Хөх тэнгэрийн орныг эзэгнэнхэн төрлөө би
Хөх Монгол алдаршсаны үе дамжсан домогт
Хүчирхэг дээдсийн нутагт мандсан ардчиллын дөлөнд
Хөрст алтан дэлхийн үрчлээт магнай болсон
Хөх тэнгэрийн орныг эзэгнэнхэн төрлөө би

1959 он