ᠵᠠᠷᠢᠮ ᠣᠷᠣᠢ – ᠷ · ᠴᠣᠢᠨᠣᠮ Зарим орой – Р · Чойном
ᠵᠠᠷᠢᠮ ᠣᠷᠣᠢ
ᠲᠠᠷᠴᠢᠯᠠᠵᠤ ᠨᠠᠮᠠᠶ᠋ᠢ ᠶᠠᠭᠠᠬᠢᠵᠤ ᠵᠣᠪᠠᠵᠤ ᠪᠠᠶ᠋ᠢᠭ᠎ᠠ ᠶ᠋ᠢ
ᠲᠠᠨᠢᠯ ᠪᠦᠰᠡᠭᠦᠢ ᠮᠢᠨᠢ ᠮᠡᠳᠡᠳᠡᠭ ᠴᠦ᠍ ᠪᠣᠯᠤᠭᠠᠰᠠᠢ
ᠲᠠᠶ᠋ᠢᠪᠤᠩ ᠰᠠᠶ᠋ᠢᠬᠠᠨ ᠣᠷᠣᠢ ᠂ ᠭᠠᠳᠠᠭ᠎ᠠ ᠠᠭᠤᠯᠵᠠᠭᠠᠳ
— ᠲᠠ ᠶᠠᠭᠠᠬᠢᠭ᠎ᠠ ᠪᠣᠢ? ᠭᠡᠵᠦ ᠠᠰᠠᠭᠤᠳᠠᠭ ᠴᠤ᠌ ᠪᠣᠯᠤᠭᠠᠰᠠᠢ
ᠬᠥᠨᠳᠡᠯᠡᠨ ᠡᠴᠡ ᠨᠢ ᠴᠢᠮᠠᠶ᠋ᠢ ᠬᠠᠷᠠᠬᠤ ᠳ᠋ᠤ᠌
ᠬᠥᠯ ᠴᠢᠨᠢ ᠭᠠᠵᠠᠷ ᠬᠦᠷᠬᠦ ᠥᠬᠡᠢ ᠯᠠ ᠶᠠᠪᠤᠬᠤ ᠶᠤᠮ
ᠬᠥᠭᠵᠢᠯᠲᠡᠢ ᠴᠣᠪᠣᠭᠣ ᠠᠭᠠᠰᠢᠨ ᠪ ᠴᠢᠨᠢ ᠴᠠᠭᠠᠨ᠎ᠠ
ᠬᠦᠨᠲᠡᠭᠦᠷ ᠭᠤᠨᠢᠬ ᠪᠠᠶ᠋ᠢᠳᠠᠭ ᠶᠤᠮ ᠤᠤ ᠂ ᠬᠡᠨ ᠮᠡᠳᠡᠬᠦ ᠪᠣᠢ?
ᠪᠦᠰᠡᠲᠡᠢ ᠪᠦᠰᠡᠭᠦᠢ ᠬᠥᠮᠦᠨ ᠂ ᠪᠡᠶ᠎ᠡ ᠪᠡᠶ᠎ᠡ ᠶ᠋ᠢᠨ ᠶ᠋ᠢᠡᠨ
ᠪᠦᠷ ᠨᠠᠷᠢᠨ ᠊ᠢ ᠶᠠᠮᠠᠷ ᠮᠡᠳᠡᠬᠦ ᠪᠢᠰᠢ!
ᠠᠯᠠᠭ ᠵᠢᠷᠦᠬᠡᠨ ᠪ ᠪᠡᠨ ᠢᠷᠣᠭᠠᠯ ᠊ᠢ ᠰᠢᠪᠬᠠᠵᠤ
ᠠᠯᠢ ᠠᠯᠢᠨ ᠳ᠋ᠠᠭᠠᠨ ᠶᠠᠮᠠᠷ ᠬᠡᠯᠡᠬᠦ ᠪᠢᠰᠢ ᠁
ᠬᠠᠷᠢᠨ ᠪᠢ ᠯᠠ ᠴᠢᠮ᠎ᠠ ᠳ᠋ᠤ᠌ ᠶᠠᠷᠢᠮᠠᠷ ᠪᠠᠶ᠋ᠢᠨ᠎ᠠ ᠂
ᠬᠠᠶ᠋ᠢᠬᠤᠷᠴᠤ ᠬᠡᠷᠪᠡ ᠰᠣᠨᠣᠰᠳᠠᠭ ᠰᠠᠨ ᠪᠣᠯ ᠴᠢᠨᠢ
ᠤᠷᠢᠳᠤ ᠬᠠᠷᠢᠨ ᠂ ᠰᠣᠨᠣᠰᠤᠶ᠎ᠠ ᠬᠡᠰᠡᠨ ᠬᠥᠮᠦᠨ ᠪᠠᠶ᠋ᠢᠬᠤ ᠳ᠋ᠤ᠌
ᠠᠭᠤᠳᠠᠯᠵᠤ ᠶᠠᠷᠢᠬᠤ ᠳᠤᠷ᠎ᠠ ᠥᠬᠡᠢ ᠯᠡ ᠪᠠᠶ᠋ᠢᠵᠤ ᠪᠢᠯᠡ ᠁
ᠣᠳᠣ ᠪᠢ ᠂ ᠭᠡᠷ ᠶ᠋ᠢᠡᠨ ᠰᠠᠨᠠᠭᠰᠠᠨ ᠬᠡᠦᠬᠡᠳ ᠰᠢᠭ᠌
ᠣᠷᠣᠢ ᠪᠣᠯᠬᠤ ᠪᠠᠷ ᠭᠠᠳᠠᠨ᠎ᠠ ᠭᠠᠭᠴᠠ ᠪᠡᠷ ᠵᠣᠭᠰᠣᠬᠤ ᠶᠤᠮ
ᠪᠤᠲᠠᠷᠬᠠᠢ ᠮᠥᠩᠭᠥ ᠪᠡᠨ ᠴᠤᠪᠤᠭᠤᠯᠵᠤ ᠭᠡᠭᠡᠭᠰᠡᠨ ᠬᠥᠮᠦᠨ ᠰᠢᠭ᠌
ᠪᠤᠷᠤᠭᠤ ᠵᠥᠪ ᠦᠭᠡᠢ ᠭᠠᠵᠠᠷ ᠱᠠᠭᠠᠶ᠋ᠢᠭᠠᠳ ᠬᠡᠯᠲᠦᠷᠢᠬᠦ ᠶᠤᠮ᠃
ᠬᠡᠨ ᠨᠢᠭᠡᠨ ᠳ᠋ᠦ᠍ ᠣᠷᠣ ᠠᠯᠳᠠᠴᠢᠬᠠᠭᠰᠠᠨ ᠶᠤᠮ ᠰᠢᠭ᠋
ᠭᠡᠩᠬᠢᠨᠡᠲᠡᠯᠡ ᠪᠡᠨ ᠰᠠᠨᠠᠭ᠎ᠠ ᠠᠯᠳᠠᠬᠤ ᠶᠤᠮ
ᠬᠡᠨᠲᠡᠢ ᠳ᠋ᠤ᠌ ᠪᠢᠰᠢ᠂ ᠴᠦᠯᠡᠯᠭᠡ ᠳ᠋ᠦ᠍ ᠪᠠᠶ᠋ᠢᠭ᠎ᠠ ᠶᠤᠮ ᠰᠢᠭ᠋
ᠬᠡᠴᠡᠭᠦᠬᠡᠨ ᠭᠠᠭᠴᠠᠭᠠᠷᠲᠠᠵᠠᠢ ᠳ᠋ᠠ ᠂ ᠪᠢ ᠴᠢᠨᠢ᠃
ᠵᠢᠷᠤᠭ ᠂ ᠰᠢᠯᠦᠭ ᠂ ᠨᠣᠮ ᠴᠤ᠌ ᠬᠡᠷᠡᠭ ᠦᠭᠡᠢ ᠂
ᠵᠠᠭᠤᠨ ᠨᠥᠬᠥᠳ ᠪᠠᠶ᠋ᠢᠭᠠᠳ ᠴᠤ᠌ ᠬᠡᠷᠡᠭ ᠦᠭᠡᠢ ᠂
ᠬᠠᠶᠠ ᠢᠩᠭᠢᠵᠦ ᠭᠠᠭᠴᠠᠭᠠᠷᠳᠠᠨ ᠭᠡᠶᠦᠷᠡᠬᠦ
ᠬᠠᠴᠢᠨ ᠡᠪᠡᠳᠴᠢᠨ ᠣᠷᠴᠢᠯᠠᠩ ᠳ᠋ᠤ᠌ ᠪᠠᠶ᠋ᠢᠳᠠᠭ ᠶᠤᠮ᠃
ᠣᠷᠴᠢᠯᠠᠩ ᠲᠡᠭᠡᠲᠡᠯ᠎ᠡ ᠂ ᠠᠲᠠᠷᠠᠮᠠ ᠭᠠᠷᠭᠠᠭᠠᠳ
ᠣᠶ᠋ᠢᠷᠠᠲᠤᠭᠤᠯᠵᠤ ᠪᠢᠳᠡᠨ ᠊ᠢ ᠳᠠᠰᠬᠠᠬᠤ ᠥᠬᠡᠢ ᠶᠤᠮ ᠂
ᠣᠷᠣᠢ ᠣᠷᠣᠢ ᠳ᠋ᠠᠭᠠᠨ ᠴᠢ ᠪᠢᠳᠡ ᠬᠣᠶᠠᠷ
ᠨᠢᠭᠡ ᠨᠢ ᠭᠢᠯᠠᠯᠵᠠᠵᠤ᠂ ᠨᠢᠭᠡ ᠨᠢ ᠪᠦᠦᠲᠡᠶ᠋ᠢᠵᠦ ᠶᠠᠪᠤᠬᠤ ᠶᠤᠮ᠃
1974.6.10
《 ᠷ · ᠴᠣᠶ᠋ᠢᠨᠣᠮ ᠤᠨ ᠰᠢᠯᠦᠭ ᠵᠣᠬᠢᠶᠠᠯ ᠤᠨ ᠬᠤᠷᠢᠶᠠᠬᠤᠢ — 》
— ᠤᠶᠠᠩᠭ᠎ᠠ ᠶ᠋ᠢᠨ ᠰᠢᠯᠦᠭ ᠠ᠋ᠴᠠ ᠬᠠᠭᠤᠯᠪᠠ ᠃
ᠪᠢ᠊ · ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ ᠃
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ
ᠦᠰᠦᠭ ᠠᠮᠢᠯᠠᠭᠤᠯᠤᠭᠴᠢ ᠄ ᠲᠣᠳᠣᠭᠡᠷᠡᠯ
ᠬᠢᠨᠠᠭᠴᠢ ᠄ ᠣᠳᠬᠠᠨᠰᠸ᠎ᠠ
