ᠡᠬᠡ ᠬᠡᠯᠡ᠎ 《ᠷᠦᠨᠢ ᠪᠢᠴᠢᠭ》Эх хэл_ “Руни бичиг” ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠬᠡᠯᠡ᠎ 《ᠷᠦᠨᠢ ᠪᠢᠴᠢᠭ》Эх хэл_ “Руни бичиг”

ᠡᠬᠡ ᠬᠡᠯᠡ᠎ 《ᠷᠦᠨᠢ ᠪᠢᠴᠢᠭ》Эх хэл_ “Руни бичиг”

ᠠᠩᠭᠢᠯᠠᠯ:ᠵᠠᠩ ᠦᠢᠯᠡ
2023-03-01

267

  ᠣᠷᠬᠣᠨ-ᠷᠦᠨᠢ ᠪᠢᠴᠢᠭ (ᠣᠷᠬᠣᠨ ᠤ ᠪᠢᠴᠢᠭᠡᠰᠦ) ᠪᠦᠬᠦᠢ ᠪᠢᠴᠢᠭᠡᠰᠦ ᠨᠢ ᠡᠷᠲᠡᠨ ᠦ ᠮᠣᠩᠭᠣᠯᠴᠤᠳ ᠤᠨ ᠬᠡᠷᠡᠭᠯᠡᠵᠦ ᠪᠠᠢᠭᠰᠠᠨ ᠴᠠᠭᠠᠨ ᠲᠣᠯᠣᠭᠠᠢ ᠶᠤᠮ᠃
  ᠠᠩᠬ᠎ᠠ 1692 ᠣᠨ ᠳᠤ ᠨ ∙ ᠸᠢᠲ᠋ᠽᠧᠨ ᠭᠡᠳᠡᠭ ᠬᠦᠮᠦᠨ ᠸᠧᠷᠬ᠎ᠠ ᠳᠤᠷᠧ ᠬᠠᠪᠢ ᠠᠴᠠ᠂ 1696 ᠣᠨ ᠳᠤ ᠰ ∙ ᠷᠧᠮᠧᠽᠣᠪ ᠲᠠᠯ᠎ᠠ ᠠᠴᠠ ᠭᠣᠣᠯ ᠤᠨ ᠡᠬᠢ ᠣᠷᠴᠢᠮ ᠠᠴᠠ ᠦᠯᠦ ᠮᠡᠳᠡᠭᠳᠡᠬᠦ ᠪᠢᠴᠢᠭ ᠲᠡᠢ ᠴᠢᠯᠠᠭᠤ ᠨᠤᠭᠤᠳ ᠣᠯᠤᠭᠰᠠᠨ ᠢᠶᠠᠨ ᠮᠡᠳᠡᠭᠡᠯᠡᠵᠡᠢ᠃ ᠹ ∙ ᠢ᠊ ∙ ᠰᠲᠷᠠᠯᠧᠨᠪᠧᠺᠭ 1730 ᠣᠨ ᠳᠤ ᠤᠢᠪᠠᠲ ᠪᠣᠯᠤᠨ ᠶᠡᠨᠢᠰᠧᠢ ᠮᠥᠷᠡᠨ ᠦ ᠬᠥᠨᠳᠡᠢ ᠳᠦ ᠣᠷᠣᠰᠢᠬᠤ ᠡᠢᠮᠦ ᠪᠢᠴᠢᠭ ᠲᠡᠢ ᠬᠥᠰᠢᠶ᠎ᠡ ᠨᠦᠭᠦᠳ ᠦᠨ ᠲᠤᠬᠠᠢ ᠮᠡᠳᠡᠭᠡᠯᠡᠭᠰᠡᠨ᠃ ᠣᠷᠣᠰ ᠤᠨ I ᠫᠶᠲ᠋ᠷ ᠬᠠᠭᠠᠨ ᠤ ᠵᠢᠭᠠᠪᠤᠷᠢ ᠪᠠᠷ 1722 ᠣᠨ ᠳᠤ ᠳ ∙ ᠶᠡ᠊ ∙ ᠮᠧᠰᠰᠧᠷᠰᠢᠮ᠎ᠡ ᠳᠦᠲ ᠤᠳᠤᠷᠢᠳᠤᠭᠰᠠᠨ ᠰᠢᠪᠢᠷᠢ ᠶᠢᠨ ᠡᠺᠰᠫᠧᠳᠢᠼ ᠦᠨ ᠲᠡᠮᠳᠡᠭᠯᠡᠯ ᠳᠦ ᠳᠡᠭᠡᠷᠡᠬᠢ ᠪᠢᠴᠢᠭ ᠲᠡᠢ ᠬᠥᠰᠢᠶ᠎ᠡ᠂ ᠬᠠᠳᠠ᠂ ᠴᠢᠯᠠᠭᠤᠨ ᠤ ᠲᠠᠯ᠎ᠠ ᠪᠠᠷ ᠳᠤᠷᠠᠳᠴᠠᠢ᠃ 1818 ᠣᠨ ᠳᠤ ᠣᠷᠣᠰ ᠤᠨ ᠵᠢᠭᠤᠯᠴᠢᠨ ᠭᠷᠢᠭᠠᠷᠡᠢ ᠰᠫᠠᠰᠰᠺ ᠦ ᠰᠢᠪᠢᠷᠰᠺ ᠦ ᠸᠧᠰᠲᠨᠢᠺᠰᠡᠳᠬᠦᠯ ᠳᠦ ᠲᠣᠳᠣᠷᠬᠠᠢ ᠮᠡᠳᠡᠭᠡ ᠨᠡᠢᠲᠡᠯᠡᠭᠦᠯᠦᠭᠰᠡᠨ ᠢᠶᠡᠷ ᠤᠴᠢᠷ ᠨᠢ ᠮᠡᠳᠡᠭᠳᠡᠬᠦ ᠦᠭᠡᠢ ᠪᠢᠴᠢᠭ ᠲᠡᠢ ᠬᠥᠰᠢᠭᠡᠨ ᠦ ᠲᠤᠬᠠᠢ ᠣᠯᠠᠨ ᠤ ᠠᠩᠬᠠᠷᠤᠯ ᠢ ᠲᠠᠲᠠᠵᠠᠢ᠃