ᠮᠣᠩᠭᠣᠯ ᠤᠬᠠᠭᠠᠨ ᠰᠠᠢᠬᠠᠨ- ᠲᠣ᠋ ᠨᠠᠨᠲᠢᠨМонгол ухаан сайхан-д ·нандин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠤᠬᠠᠭᠠᠨ ᠰᠠᠢᠬᠠᠨ- ᠲᠣ᠋ ᠨᠠᠨᠲᠢᠨМонгол ухаан сайхан-д ·нандин

ᠮᠣᠩᠭᠣᠯ ᠤᠬᠠᠭᠠᠨ ᠰᠠᠢᠬᠠᠨ- ᠲᠣ᠋ ᠨᠠᠨᠲᠢᠨМонгол ухаан сайхан-д ·нандин

2023-03-01

321

ᠮᠣᠩᠭᠣᠯ ᠤᠬᠠᠭᠠᠨ ᠰᠠᠢᠬᠠᠨ

    ᠲᠣ᠋ · ᠨᠠᠨᠲᠢᠨ
ᠠᠭᠲᠠ ᠶ᠋ᠢᠨ ᠨᠢᠷᠤᠭᠤᠨ  ᠳᠤ ᠰᠡᠬᠦᠶ᠋ᠢᠭᠰᠡᠨ ᠰᠦᠯᠲᠡ
ᠠᠤᠠᠬᠤᠨ ᠳ᠋ᠡᠬᠢ ᠰᠡᠯᠡᠮᠡᠨ  ᠳᠤ ᠭᠢᠯᠠᠯᠵᠠᠬᠤ ᠵᠣᠷᠢᠬ
ᠠᠶᠠᠯᠠᠨ ᠳᠠᠶ᠋ᠢᠯᠠᠭᠰᠠᠨ ᠮᠡᠷᠭᠡᠨ ᠪᠣᠲᠣᠯᠬ᠋᠎ᠠ
ᠠᠯᠲᠠᠨ ᠳᠡᠯᠡᠬᠡᠢ ᠶ᠋ᠢᠨ ᠪᠠᠲᠠᠷᠠᠭᠰᠠᠨ ᠲᠡᠦᠬᠡ
ᠠᠭᠤᠤ ᠮᠣᠩᠭᠣᠯ ᠬᠠᠭᠠᠨ ᠤᠬᠠᠭᠠᠨ ᠮᠢᠨᠢ ᠰᠠᠢᠬᠠᠨ

ᠡᠭᠡᠯ ᠵᠠᠶᠠᠬ᠋᠎ᠠ ᠲᠠᠢ ᠡᠵᠢ ᠪᠤᠷᠬᠠᠨ
ᠡᠨᠡᠷᠢᠯ ᠬᠠᠶ᠋ᠢᠷ᠎ᠠ ᠶ᠋ᠢᠨ ᠠᠨᠠᠪᠠᠳ ᠳᠠᠯᠠᠢ
ᠡᠷᠲᠡᠨᠢᠲᠦ ᠠᠯᠲᠠᠨ ᠮᠣᠩᠭᠣᠯ ᠰᠤᠲᠤᠷ
ᠡᠪ ᠨᠢᠬᠲᠠᠷᠠᠯ ᠦ᠋ᠨ ᠡᠬᠢ ᠪᠤᠯᠠᠭ
ᠡᠭᠡᠨᠡᠭᠲᠡ ᠳᠡᠭᠡᠳᠦᠯᠡᠬᠦ ᠬᠠᠲᠤᠨ ᠤᠬᠠᠭᠠᠨ ᠮᠢᠨᠢ ᠰᠠᠢᠬᠠᠨ

ᠨᠠᠷᠠ ᠲᠣᠭᠣᠷᠢᠬᠰᠠᠨ ᠠᠶᠠᠯᠠᠯ
ᠨᠠᠪᠴᠢᠲᠤ ᠲᠠᠯ᠎ᠠ ᠶ᠋ᠢᠨ ᠲᠠᠮᠠᠬ᠋᠎ᠠ
ᠨᠠᠭᠠᠰᠢᠯᠠᠨ ᠠᠶ᠋ᠢᠰᠤᠢ ᠰᠦᠷᠦᠭ  ᠦ᠋ᠨ ᠪᠠᠷ᠎ᠠ
ᠨᠠᠮᠵᠢᠶ᠎ᠠ ᠴᠡᠩᠬᠡᠷ ᠠᠭᠤᠯᠠᠰ ᠦ᠋ᠨ ᠴᠢᠮᠡᠭ
ᠨᠠᠷᠮᠠᠢ ᠮᠣᠩᠭᠣᠯ ᠨᠡᠭᠦᠲᠡᠯ ᠤᠬᠠᠭᠠᠨ ᠮᠢᠨᠢ ᠰᠠᠢᠬᠠᠨ

     ᠦᠰᠦᠭ  ᠠᠮᠢᠯᠠᠭᠤᠯᠤᠭᠴᠢ   ᠲᠣ᠋ · ᠨᠠᠨᠲᠢᠨ

     ᠬᠢᠨᠠᠭᠴᠢ     ᠣᠤᠠᠬᠠᠨᠰᠣ‌‍ᠠ᠋

        
                 2023.2.28