ᠪᠠᠭᠰᠢ ᠶ᠋ᠢᠨ ᠮᠢᠨᠢ ᠰᠥᠨᠢБагшийн минь шөнө
ᠪᠠᠭᠰᠢ ᠶ᠋ᠢᠨ ᠮᠢᠨᠢ ᠰᠥᠨᠢ
ᠨᠢᠭᠡ
ᠠᠯᠤᠰ ᠠ᠋ᠴᠠ ᠠᠶ᠋ᠢᠯᠴᠢᠯᠠᠬᠤ
ᠠᠶᠠᠰ ᠦ᠋ᠨ ᠰᠠᠯᠬᠢ ᠡ
ᠠᠯᠬᠤᠬ᠋ᠠ ᠭᠢᠰᠬᠢᠭᠡ ᠪᠡᠨ
ᠪᠠᠬᠠᠨ ᠵᠥᠭᠡᠯᠡᠷᠡᠭᠦᠯᠦᠭᠡᠴᠢ ᠃
ᠳ᠋ᠧᠩ ᠲᠡᠢ ᠪᠠᠶ᠋ᠢᠬ᠋᠎ᠠ
ᠭᠡᠷ ᠦ᠋ᠨ ᠬᠠᠭᠠᠯᠬ᠋ᠠ ᠶ᠋ᠢ
ᠳᠡᠯᠡᠳᠦᠨ ᠲᠣᠭᠰᠢᠵᠤ
ᠪᠢᠲᠡᠭᠡᠢ ᠦᠢᠮᠡᠭᠦᠯᠦᠭᠡᠷᠡᠢ !
ᠰᠣᠶᠣᠯ ᠦ᠋ᠨ ᠣᠷᠭᠢᠯ ᠳᠤ
ᠳᠡᠭᠦᠯᠢᠬᠦ ᠵᠢᠭᠦᠷ ᠊ᠢ
ᠰᠤᠷᠤᠭᠴᠢ ᠪᠢᠲᠡᠨ ᠳᠤ
ᠣᠯᠭᠣᠬᠤ ᠶ᠋ᠢᠨ ᠲᠥᠯᠥᠭᠡ
ᠡᠷᠲᠡᠮ ᠦ᠋ᠨ ᠳᠠᠯᠠᠢ ᠳᠤ
ᠱᠤᠩᠪᠠᠬᠤ ᠰᠡᠯᠢᠭᠦᠷ ᠊ᠢ
ᠡᠩᠬᠦᠷᠡᠢ ᠪᠠᠭᠠᠴᠤᠳ ᠲᠠᠭᠠᠨ
ᠤᠷᠭᠤᠭᠤᠯᠬᠤ ᠶ᠋ᠢᠨ ᠲᠥᠯᠥᠭᠡ
ᠲᠦᠷᠭᠡᠨ ᠳᠠᠪᠰᠢᠯᠲᠠ ᠶ᠋ᠢᠨ
ᠰᠢᠨ᠎ᠡ ᠬᠠᠪᠤᠷ ᠊ᠢ
ᠲᠥᠷᠥᠯᠬᠢ ᠨᠤᠲᠤᠭ ᠲᠠᠭᠠᠨ
ᠮᠥᠰᠢᠶᠡᠯᠭᠡᠬᠥ ᠶ᠋ᠢᠨ ᠲᠥᠯᠥᠭᠡ
ᠳᠥᠷᠪᠡᠨ ᠣᠲᠣᠬᠢᠴᠢᠯᠠᠯᠲᠠ ᠶ᠋ᠢᠨ
ᠴᠡᠴᠡᠭ ᠦ᠋ᠨ ᠴᠣᠮᠣᠷᠯᠢᠬ ᠊ᠢ
ᠲᠥᠷᠥ ᠤᠯᠤᠰ ᠲᠠᠭᠠᠨ
ᠳᠡᠯᠭᠡᠷᠡᠭᠦᠯᠬᠦ ᠶ᠋ᠢᠨ ᠲᠥᠯᠥᠭᠡ
ᠰᠠᠷᠠᠨ ᠢᠨᠢᠶᠡᠮᠰᠦᠭᠯᠡᠵᠦ
ᠣᠲᠣᠳ ᠮᠥᠰᠢᠪᠡᠯᠵᠡᠭᠰᠡᠨ
ᠰᠠᠷᠠᠭᠤᠯ ᠰᠥᠨᠢ ᠶ᠋ᠢᠨ
ᠭᠦᠨ ᠪᠣᠯᠲᠠᠯ᠎ᠠ
ᠪᠢᠯᠢᠭ ᠊ᠢ ᠨᠡᠭᠡᠭᠡᠭᠴᠢ
ᠬᠠᠶ᠋ᠢᠷᠠᠲᠤ ᠪᠠᠭᠰᠢ ᠮᠢᠨᠢ
ᠪᠢᠲᠡᠨ ᠪ ᠳᠠᠰᠬᠠᠯ ᠊ᠢ
ᠵᠠᠰᠠᠵᠤ ᠪᠠᠶ᠋ᠢᠨ᠎ᠠ ᠰᠢᠦ !
ᠬᠣᠶᠠᠷ
ᠰᠤᠵᠠᠭ ᠶ᠋ᠢᠠᠷ ᠠᠯᠢᠶᠠᠯᠠᠬᠤ
ᠲᠤᠩᠭᠠᠯᠠᠭ ᠭᠣᠷᠣᠬ᠎ᠠ ᠡ
ᠱᠤᠤᠭᠢᠶᠠᠨ ᠳᠡᠪᠵᠢᠶᠡᠨ ᠶ᠋ᠢᠡᠨ
ᠪᠠᠬᠠᠨ ᠨᠠᠮᠲᠠᠭᠤᠯᠤᠭᠠᠴᠢ᠃
ᠵᠤᠯᠠ ᠲᠠᠢ ᠪᠠᠶ᠋ᠢᠬ᠋᠎ᠠ
ᠭᠡᠷ ᠦ᠋ᠨ ᠴᠣᠩᠬᠣ ᠪᠠᠷ
ᠴᠤᠤᠷᠢᠶ᠎ᠠ ᠪᠠᠨ ᠬᠦᠷᠭᠡᠵᠦ
ᠪᠢᠲᠡᠭᠡᠢ ᠦᠢᠮᠡᠭᠦᠯᠦᠭᠡᠷᠡᠢ ᠃
ᠰᠢᠨᠵᠢᠯᠡᠬᠦ ᠤᠬᠠᠭᠠᠨ ᠪ
ᠣᠷᠭᠢᠯ ᠳᠤ ᠠᠪᠠᠷᠢᠬᠴᠢ
ᠰᠢᠨ᠎ᠡ ᠦᠶ᠎ᠡ ᠶ᠋ᠢ
ᠪᠣᠶ᠋ᠢᠵᠢᠭᠤᠯᠬᠤ ᠶ᠋ᠢᠨ ᠲᠥᠯᠥᠭᠡ
ᠳᠠᠷᠠᠭᠠᠴᠢ ᠶ᠋ᠢᠨ ᠵᠠᠭᠤᠨ ᠪ
ᠣᠨᠢᠰᠣ ᠶ᠋ᠢ ᠨᠡᠭᠡᠭᠡᠭᠴᠢ
ᠳᠠᠷᠬᠠᠨ ᠪᠠᠭᠠᠲᠤᠷ ᠊ᠢ
ᠰᠢᠯᠭᠠᠷᠠᠭᠤᠯᠬᠤ ᠶ᠋ᠢᠨ ᠲᠥᠯᠥᠭᠡ
ᠡᠬᠡ ᠣᠷᠣᠨ ᠪ ᠪᠡᠨ
ᠢᠷᠡᠭᠡᠲᠦᠢ ᠶ᠋ᠢᠨ ᠡᠵᠡᠨ ᠊ᠢ
ᠡᠷᠡᠯᠬᠡᠭ ᠮᠡᠷᠭᠡᠨ
ᠪᠣᠯᠭᠠᠬᠤ ᠶ᠋ᠢᠨ ᠲᠥᠯᠥᠭᠡ
ᠦᠨᠡᠨ ᠶᠣᠰᠣᠨ ᠪ
ᠪᠠᠲᠤ ᠲᠤᠯᠭᠠᠭᠤᠷᠢ ᠶ᠋ᠢ
ᠦᠢ ᠲᠦᠮᠡ ᠪᠡᠷ
ᠪᠣᠰᠬᠠᠬᠤ ᠶ᠋ᠢᠨ ᠲᠥᠯᠥᠭᠡ
ᠤᠯᠢᠶᠠᠰᠤ ᠨᠣᠶ᠋ᠢᠷᠮᠣᠭᠯᠠᠵᠤ
ᠠᠭᠤᠯᠠᠰ ᠵᠡᠭᠦᠷᠮᠡᠭᠯᠡᠭᠰᠡᠨ
ᠤᠷᠲᠤ ᠰᠥᠨᠢ ᠶ᠋ᠢᠨ
ᠭᠦᠨ ᠪᠣᠯᠲᠠᠯ᠎ᠠ
ᠪᠢᠯᠢᠭ ᠊ᠢ ᠨᠡᠭᠡᠭᠡᠭᠴᠢ
ᠬᠠᠶ᠋ᠢᠷᠠᠲᠤ ᠪᠠᠭᠰᠢ ᠮᠢᠨᠢ
ᠪᠢᠲᠡᠨ ᠪ ᠬᠢᠴᠢᠶᠡᠯ ᠊ᠢ
ᠪᠡᠯᠡᠤᠠᠬᠡᠵᠦ ᠪᠠᠶ᠋ᠢᠨ᠎ᠠ ᠰᠢᠦ!
ᠢᠷᠡᠯᠲᠡ
᠄ ᠨᠠᠶᠠᠭᠠᠳ ᠣᠨ ᠪ
ᠪᠠᠬ᠋᠎ᠠ ᠰᠤᠷᠭᠠᠭᠤᠯᠢ ᠶ᠋ᠢᠨ
ᠬᠡᠯᠡ
ᠪᠢᠴᠢᠭ ᠦ᠋ᠨ ᠰᠦᠯᠵᠢᠶᠡᠨ ᠬᠡᠪ ᠡᠴᠡ ᠰᠣᠩᠭᠣᠪᠠ
᠃
ᠦᠰᠦᠭ
ᠠᠮᠢᠯᠠᠭᠤᠯᠤᠭᠴᠢ ᠄ ᠲᠣ᠋ · ᠨᠠᠨᠲᠢᠨ
ᠬᠢᠨᠠᠭᠴᠢ᠄
ᠣᠤᠠᠬᠠᠨᠰᠣᠠ᠋
