ᠠᠲᠤᠭᠤᠴᠢᠨАдуучин
ᠠᠲᠤᠭᠤᠴᠢᠨ
ᠠᠲᠤᠭᠤᠴᠢᠨ
ᠪ · ᠪᠥᠷᠢᠨᠪᠡᠬᠢ
ᠠᠲᠤᠭᠤᠨ ᠲᠤᠭᠤᠷᠠᠢ ᠫᠠᠴᠢᠭᠢᠨᠠᠭᠠᠳ ᠢᠷᠡᠯ᠎ᠡ
ᠠᠷᠲᠠᠭ ᠮᠣᠷᠢᠳ ᠬᠠᠯᠤᠰᠬᠢᠭᠠᠳ ᠳᠤᠲᠠᠭᠠᠯ᠎ᠠ
ᠠᠲᠠᠷ ᠦ᠋ᠨ ᠬᠥᠷᠥᠰᠥ ᠶ᠋ᠢ ᠵᠤᠯᠭᠠᠭᠠᠭᠠᠳ ᠬᠠᠶᠠᠯ᠎ᠠ
ᠠᠭᠠᠷ ᠦ᠋ᠨ ᠨᠢᠭᠤᠷ ᠊ᠢ ᠬᠬᠢᠷᠲᠦᠬᠡᠭᠡᠳ
ᠲᠠᠯᠪᠢᠯ᠎ᠠ ᠃
ᠰᠣᠩᠭᠣᠵᠤ ᠤᠨᠤᠭᠰᠠᠨ ᠤᠷᠭᠠᠨ ᠮᠣᠷᠢ ᠨᠢ
ᠰᠤᠭᠤ ᠦᠰᠦᠷᠦᠨ ᠭᠠᠷᠤᠭᠠᠳ ᠬᠥᠭᠡᠭᠡᠯ᠎ᠡ
ᠰᠤᠷᠴᠤ ᠮᠡᠷᠭᠡᠰᠢᠭᠰᠡᠨ ᠬᠠᠰᠢᠷ ᠠᠲᠤᠭᠤᠴᠢᠨ
ᠰᠤᠭᠰᠠᠯᠵᠠᠭᠰᠠᠨ ᠤᠷᠬ᠋᠎ᠠ ᠪᠠᠨ ᠡᠷᠭᠦᠭᠡᠳ ᠳᠠᠪᠬᠢᠯ᠎ᠠ ᠃
ᠠᠭᠤᠲᠠᠮ ᠲᠠᠯ᠎ᠠ ᠨᠢ ᠰᠠᠨᠠᠬ᠋᠎ᠠ ᠲᠠᠢ ᠨᠢ ᠨᠡᠶ᠋ᠢᠴᠡᠭᠡᠳ
ᠤᠨᠤᠭᠰᠠᠨ ᠮᠣᠷᠢ ᠨᠢ ᠰᠡᠤᠠᠬᠢᠯ ᠲᠡᠢ ᠨᠢ ᠲᠠᠭᠠᠷᠠᠭᠠᠳ
ᠤᠶᠠᠭᠰᠠᠨ ᠤᠷᠬ᠋᠎ᠠ ᠨᠢ ᠴᠢᠲᠠᠯ ᠲᠠᠢ ᠨᠢ ᠲᠡᠩᠴᠡᠭᠡᠳ
ᠤᠷᠭᠠᠯᠠᠬᠤ ᠡᠷᠲᠡᠮ ᠨᠢ ᠨᠡᠩ ᠴᠤ᠌ ᠲᠣᠪᠣᠶ᠋ᠢᠯᠠ ᠃
ᠬᠠᠷ᠎ᠠ ᠭᠠᠵᠠᠷ ᠲᠠᠶ᠋ᠢᠪᠠᠯᠵᠠᠵᠤ ᠪᠠᠶ᠋ᠢᠨ᠎ᠠ
ᠬᠠᠭᠲᠠ ᠡᠪᠡᠰᠦ ᠬᠤᠶ᠋ᠢᠯᠠᠷᠠᠵᠤ ᠪᠠᠶ᠋ᠢᠨ᠎ᠠ
ᠪᠣᠷᠣ ᠲᠣᠭᠣᠰᠣ ᠪᠤᠵᠢᠭᠢᠨᠠᠵᠤ ᠪᠠᠶ᠋ᠢᠨ᠎ᠠ
ᠪᠤᠲᠠᠨ ᠪ ᠲᠦᠷᠦᠭᠦᠦ ᠦᠰᠦᠷᠴᠦ ᠪᠠᠶ᠋ᠢᠨ᠎ᠠ ᠃
ᠬᠡᠷᠦᠵᠦ ᠣᠴᠢᠭᠠᠳ ᠬᠠᠰᠢᠭᠠᠳ ᠠᠪᠤᠯ᠎ᠠ
ᠬᠡᠲᠦ ᠳᠣᠣᠷ᠎ᠠ ᠨᠢ ᠨᠤᠭᠤᠯᠤᠭᠠᠳ ᠪᠤᠴᠠᠭᠠᠯ᠎ᠠ
ᠬᠡᠲᠦᠷᠡᠬᠦ ᠴᠦ᠍ ᠦᠭᠡᠢ᠂ ᠬᠣᠴᠣᠷᠬᠤ ᠴᠦ᠍ ᠦᠭᠡᠢ
ᠬᠡᠭᠡᠷ ᠮᠣᠷᠢ ᠶ᠋ᠢ ᠰᠡᠭᠦᠯᠲᠡᠭᠡᠳ ᠪᠠᠶ᠋ᠢᠯ᠎ᠠ ᠃
ᠤᠷᠭᠠᠨ ᠪ ᠦᠵᠦᠭᠦᠷ ᠳᠣᠬᠢᠰᠬᠢᠯᠡ
ᠤᠨᠤᠭᠰᠠᠨ ᠮᠣᠷᠢ ᠨᠢ ᠵᠣᠭᠰᠣᠰᠬᠢᠯᠡ
ᠤᠷᠢᠲᠠᠢ ᠨᠢ ᠵᠢᠭᠤᠲᠠᠭᠰᠠᠨ ᠲᠣᠭᠰᠢᠨ ᠬᠡᠭᠡᠷ
ᠤᠶᠠᠭᠠᠨ ᠳᠤ ᠪᠠᠶ᠋ᠢᠬᠤ ᠰᠢᠭ᠋
ᠨᠣᠮᠣᠬᠠᠨ ᠪᠣᠯᠤᠯ᠎ᠠ ᠃
ᠰᠡᠷ ᠰᠡᠷ ᠰᠠᠯᠬᠢ ᠡᠮᠦᠨ᠎ᠡ ᠡᠴᠡ ᠦᠯᠢᠶᠡᠵᠦ
ᠰᠡᠪᠡᠭᠦᠨ ᠨᠣᠭᠣᠭᠠᠨ ᠪ ᠦᠨᠦᠷ ᠊ᠢ ᠠᠪᠴᠢᠷᠠᠨ᠎ᠠ
ᠰᠡᠤᠠᠬᠢᠯ ᠳᠤ ᠲᠠᠭᠠᠲᠠᠢ ᠬᠠᠪᠤᠷ ᠦ᠋ᠨ ᠲᠠᠯ᠎ᠠ ᠳᠡᠭᠡᠷ᠎ᠡ
ᠰᠡᠷᠪᠡᠯᠵᠡᠭᠰᠡᠨ ᠵᠡᠷᠭᠡᠯᠭᠡᠨ ᠠᠯᠤᠰ ᠲᠦ ᠰᠦᠮᠡᠯᠵᠡᠨ᠎ᠡ ᠃
ᠠᠭᠠᠰᠢᠲᠤ ᠬᠡᠭᠡᠷ ᠮᠢᠨᠢ ᠴᠢ ᠬᠠᠮᠢᠭᠠᠰᠢ ᠪᠠᠨ ᠳᠤᠲᠠᠭᠠᠨ᠎ᠠ ?
ᠠᠵᠢᠯᠴᠢ ᠡᠵᠡᠨ ᠴᠢᠨᠢ ᠪᠢ ᠡᠨᠲᠡ ᠪᠠᠶ᠋ᠢᠨ᠎ᠠ ᠭᠡᠬᠦ ᠰᠢᠭ᠌
ᠤᠷᠭᠠᠯᠠᠵᠤ ᠠᠪᠤᠭᠰᠠᠨ ᠮᠣᠷᠢ ᠪᠠᠨ
ᠬᠥᠲᠥᠯᠦᠭᠰᠡᠭᠡᠷ
ᠤᠷᠤᠭᠰᠢ ᠪᠠᠨ ᠬᠠᠲᠠᠷᠢᠭᠤᠯᠤᠯ᠎ᠠ ᠮᠠᠨ ᠪ ᠠᠲᠤᠭᠤᠴᠢᠨ ᠃
ᠢᠷᠡᠯᠲᠡ ᠄ ᠨᠠᠶᠠᠭᠠᠳ ᠣᠨ ᠪ ᠪᠠᠬ᠋᠎ᠠ
ᠰᠤᠷᠭᠠᠭᠤᠯᠢ ᠶ᠋ᠢᠨ ᠬᠢᠴᠢᠶᠡᠯ ᠦ᠋ᠨ ᠪᠢᠴᠢᠭ
ᠦ᠋ᠨ
ᠰᠦᠯᠵᠢᠶᠡᠨ ᠬᠡᠪ ᠡᠴᠡ ᠰᠣᠩᠭᠣᠪᠠ ᠃
ᠦᠰᠦᠭ ᠠᠮᠢᠯᠠᠭᠤᠯᠤᠭᠴᠢ ᠄ ᠲᠣ᠋ · ᠨᠠᠨᠲᠢᠨ
ᠬᠢᠨᠠᠭᠴᠢ ᠄ ᠣᠤᠠᠬᠠᠨᠰᠣᠠ᠋
