ᠰᠤᠷᠭᠠᠭᠤᠯᠢ – ᠭᠦᠷᠵᠠᠪ Сургууль – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠤᠷᠭᠠᠭᠤᠯᠢ – ᠭᠦᠷᠵᠠᠪ Сургууль – Гүржав

ᠰᠤᠷᠭᠠᠭᠤᠯᠢ – ᠭᠦᠷᠵᠠᠪ Сургууль – Гүржав

2023-03-01

299

ᠰᠤᠷᠭᠠᠭᠤᠯᠢ


            ᠭᠦᠷᠵᠠᠪ

 ᠦᠵᠦᠮ᠎ᠡ ᠡᠮᠡᠭᠡ ᠶ᠋ᠢᠨ
 ᠦᠨᠡᠷᠬᠡᠵᠦ ᠤᠩᠰᠢᠲᠠᠭ
 ᠦᠯᠢᠭᠡᠷ ᠦ᠋ᠨ ᠪᠣᠷᠣ ᠳᠡᠪᠲᠡᠷ —
 ᠰᠤᠷᠭᠠᠭᠤᠯᠢ
 ᠦᠶ᠎ᠡ ᠶ᠋ᠢᠨ ᠨᠠᠶ᠋ᠢᠵᠠ ᠨᠠᠷ ᠦ᠋ᠨ ᠮᠢᠨᠢ
 ᠦᠰᠦᠭᠯᠡᠵᠦ ᠪᠡᠷᠬᠡᠳᠡᠳᠡᠭ
 ᠦᠨᠡᠨ ᠪ 
 ᠡᠴᠦᠰ ᠦ᠋ᠨ ᠭᠠᠵᠠᠷ —
 ᠰᠤᠷᠭᠠᠭᠤᠯᠢ ᠁
 ᠥᠷᠯᠥᠭᠡ ᠥᠷᠯᠥᠭᠡ
 ᠳᠥᠷᠥᠭᠡᠯᠡᠵᠦ ᠮᠣᠷᠲᠠᠲᠠᠭ
 ᠥᠨᠲᠥᠷ ᠬᠡᠭᠡᠷ ᠮᠣᠷᠢ ᠮᠢᠨᠢ —
 ᠰᠤᠷᠭᠠᠭᠤᠯᠢ
 ᠡᠲᠦᠷ ᠡᠲᠦᠷ
 ᠦᠲᠡᠵᠦ ᠮᠣᠷᠲᠠᠭᠤᠯᠲᠠᠭ
 ᠥᠷᠯᠥᠭᠡ ᠡᠬᠡ —
 ᠰᠤᠷᠭᠠᠭᠤᠯᠢ ᠁
 ᠬᠣᠷᠣᠰᠣᠮᠠᠲᠠᠭᠠᠢ ᠵᠠᠩ ᠊ᠢ
 ᠬᠣᠷᠢᠬᠯᠠᠵᠤ ᠵᠠᠯᠬᠠᠭᠠᠲᠠᠭ
 ᠬᠣᠩᠬᠣ ᠶ᠋ᠢᠨ
 ᠴᠢᠩᠭᠢᠨᠠᠭᠤᠨ ᠳᠠᠭᠤ —
 ᠰᠤᠷᠭᠠᠭᠤᠯᠢ
 ᠬᠣᠵᠢᠬᠲᠠᠩᠬᠠᠢ ᠨᠡᠷ᠎ᠡ ᠶ᠋ᠢ
 ᠬᠠᠯᠠᠵᠤ ᠰᠠᠶ᠋ᠢᠵᠢᠷᠡᠭᠤᠯᠲᠠᠭ
 ᠬᠣᠯᠠ ᠶ᠋ᠢᠨ
 ᠲᠡᠨᠢᠭᠡᠷ ᠬᠠᠷᠠᠴᠠ —
 ᠰᠤᠷᠭᠠᠭᠤᠯᠢ
 ᠬᠣᠷᠢᠨ ᠨᠢᠭᠡᠲᠦᠭᠡᠷ ᠵᠠᠭᠤᠨ ᠊ᠢ
 ᠡᠷᠲᠡᠮ ᠦ᠋ᠨ ᠨᠣᠭᠲᠣ ᠪᠠᠷ ᠬᠥᠲᠥᠯᠬᠦ
 ᠬᠣᠨᠢᠨ ᠰᠢᠷᠭᠠᠯ ᠡᠲᠦᠷ —
 ᠰᠤᠷᠭᠠᠭᠤᠯᠢ
 ᠬᠣᠵᠢᠮ ᠂ ᠬᠣᠶ᠋ᠢᠴᠢ ᠶ᠋ᠢ
 ᠮᠡᠲᠡᠯᠭᠡ ᠶ᠋ᠢᠨ ᠬᠦᠴᠦ ᠪᠡᠷ ᠡᠷᠭᠦᠬᠦ
 ᠬᠣᠲᠣᠶ᠋ᠢᠲᠠᠭ ᠦᠭᠡᠢ
 ᠡᠷᠲᠡᠨᠢ ᠶ᠋ᠢᠨ ᠪᠣᠱᠣᠬ᠋᠎ᠠ —
 ᠰᠤᠷᠭᠠᠭᠤᠯᠢ
 ᠰᠤᠷᠭᠠᠭᠤᠯᠢ ᠳ᠋ᠠᠭᠠᠨ ᠪᠢ ᠣᠴᠢᠨ᠎ᠠ ᠡ
 ᠰᠤᠷᠬᠤ ᠶ᠋ᠢᠨ ᠬᠡᠢ ᠮᠣᠷᠢ ᠲᠠᠢ ᠣᠴᠢᠨ᠎ᠠ ᠡ ᠁
 ᠰᠤᠷᠤᠯᠬ᠋᠎ᠠ ᠶ᠋ᠢᠨ ᠰᠣᠲᠣ ᠪᠠᠷ ᠱᠠᠬᠰᠢᠭᠤᠯᠬᠣ ᠪᠠᠷ ᠣᠴᠢᠨ᠎ᠠ
 ᠰᠣᠶᠣᠯ ᠦ᠋ᠨ ᠣᠲᠣ ᠪᠠᠷ  ᠱᠠᠩᠨᠠᠭᠤᠯᠬᠤ ᠪᠠᠷ ᠣᠴᠢᠨ᠎ᠠ ᠡ ᠃

        ᠦᠰᠦᠭ ᠠᠮᠢᠯᠠᠭᠤᠯᠤᠭᠴᠢ ᠄   ᠪᠣᠷᠭᠢᠯ
           ᠬᠢᠨᠠᠭᠴᠢ ᠄  ᠪᠠᠶᠠᠷᠴᠡᠴᠡᠭ  ᠪᠠᠭᠰᠢ
                                2023 ᠣᠨ ᠪ 2 ᠰᠠᠷ᠎ᠠ ᠶ᠋ᠢᠨ 26 ᠪ ᠡᠲᠦᠷ
 
     ᠢᠷᠡᠯᠲᠡ –   ᠬᠡᠦᠬᠡᠳ ᠨᠠᠰᠤ ᠰᠠᠶ᠋ᠢᠬᠠᠨ 
                      ᠭᠦᠷᠵᠠᠪ ᠵᠣᠬᠢᠶᠠᠪᠠ ᠃
         ᠥᠪᠥᠷ ᠮᠤᠩᠭ᠋ᠤᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
         ᠥᠪᠥᠷ ᠮᠤᠩᠭ᠋ᠤᠯ ᠦ᠋ᠨ ᠰᠢᠨᠬᠤᠸᠠ ᠪᠢᠴᠢᠭ᠋ ᠦ᠋ᠨ ᠳᠡᠯᠭᠡᠭᠦᠷ ᠲᠠᠷᠬᠠᠭᠠᠪᠠ
          ᠥᠪᠥᠷ ᠮᠤᠩᠭ᠋ᠤᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
          2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
          2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ