ᠭᠠᠵᠠᠷ ᠰᠢᠷᠣᠢ ᠳᠤ ᠪᠠᠨ ᠪᠢ ᠬᠠᠶ᠋ᠢᠷᠠᠲᠠᠢ – ᠱᠠᠭᠲᠠᠷ ᠦ᠋ᠨ ᠳᠤᠯᠮ᠎ᠠ Газар шороондоо би хайртай – Шагдрын Дулам
ᠭᠠᠵᠠᠷ ᠰᠢᠷᠣᠢ ᠳᠤ ᠪᠠᠨ ᠪᠢ ᠬᠠᠶ᠋ᠢᠷᠠᠲᠠᠢ
ᠱᠠᠭᠲᠠᠷ ᠦ᠋ᠨ ᠳᠤᠯᠮ᠎ᠠ
ᠬᠥᠯ ᠳᠦ ᠣᠷᠣᠬᠤ ᠳᠦ ᠪᠠᠨ ᠤᠨᠠᠵᠤ ᠪᠣᠰᠤᠨ ᠮᠥᠷ ᠶ᠋ᠢᠡᠨ ᠭᠠᠷᠭᠠᠵᠤ
ᠬᠦᠢᠲᠡᠨ ᠪᠤᠯᠠᠭ ᠦ᠋ᠨ ᠤᠰᠤᠨ ᠠ᠋ᠴᠠ ᠨᠢ ᠰᠢᠲᠦ ᠪᠡᠨ ᠲᠡᠰᠢᠲᠡᠯᠡ ᠵᠠᠯᠭᠢᠯᠠᠵᠤ
ᠲᠠᠯ᠎ᠠ ᠶ᠋ᠢᠨ ᠲᠣᠭᠣᠷᠤᠤ ᠂ ᠨᠠᠭᠤᠷ ᠦ᠋ᠨ ᠠᠩᠭᠢᠷ ᠦᠷᠭᠦᠭᠡᠵᠦ
ᠳᠠᠭᠠᠨ᠎ᠠ ᠶ᠋ᠢᠨ ᠲᠣᠯᠣᠭᠠᠢ ᠴᠡᠴᠡᠭ ᠦ᠋ᠨ ᠳᠡᠯᠪᠢ ᠶ᠋ᠢ ᠲᠡᠭᠦᠵᠦ ᠶᠠᠪᠤᠭᠰᠠᠨ ᠪᠣᠯᠬᠣᠷ
ᠭᠠᠵᠠᠷ ᠰᠢᠷᠣᠢ ᠳᠦ ᠪᠠᠨ ᠪᠢ ᠬᠠᠶ᠋ᠢᠷᠠᠲᠠᠢ
ᠲᠤᠯᠤᠭᠠᠳ ᠦ᠋ᠨ ᠡᠩᠭᠡᠷ ᠶ᠋ᠢᠡᠷ ᠬᠤᠷᠠᠬ᠋ᠠ ᠬᠠᠷᠢᠭᠤᠯᠵᠤ ᠶᠠᠪᠤᠬᠤ ᠳᠦ ᠪᠠᠨ
ᠲᠣᠭᠣᠲᠣᠩ ᠳᠡᠪᠡᠯ ᠳᠦ ᠪᠡᠨ ᠴᠢᠯᠠᠭᠤ ᠬᠣᠷᠮᠣᠶ᠋ᠢᠯᠠᠵᠤ ᠭᠡᠷ ᠪᠠᠷᠢᠨ
ᠬᠥᠷᠥᠰᠥᠲᠦ ᠭᠠᠵᠠᠷ ᠊ᠢ ᠨᠢ ᠬᠣᠲᠣᠶ᠋ᠢᠲᠠᠯᠠ ᠬᠥᠯ ᠨᠢᠴᠦᠭᠦᠨ ᠭᠦᠶᠦᠵᠦ
ᠬᠥᠩᠭᠡᠨ ᠵᠠᠯᠠᠭᠤ ᠨᠠᠰᠤ ᠪᠠᠨ ᠲᠠᠯ᠎ᠠ ᠳᠦ ᠦᠳᠡᠭᠰᠡᠨ ᠪᠣᠯᠬᠣᠷ
ᠭᠠᠵᠠᠷ ᠰᠢᠷᠣᠢ ᠳᠦ ᠪᠠᠨ ᠪᠢ ᠬᠠᠶ᠋ᠢᠷᠠᠲᠠᠢ
ᠡᠵᠢ ᠮᠢᠨᠢ ᠠᠮᠤᠭᠤᠯᠠᠩ ᠦᠶ᠎ᠡ ᠳᠦ ᠪᠡᠨ ᠡᠷᠦᠬᠡ ᠶ᠋ᠢ ᠨᠢ ᠲᠠᠲᠠᠵᠤ
ᠡᠩᠭᠡᠷ ᠪᠠᠯ ᠳᠡᠭᠡᠷ᠎ᠡ ᠴᠠᠮᠴᠠᠶ᠋ᠢᠨ ᠬᠠᠷᠠᠭᠲᠠᠲᠠᠭ ᠪᠠᠶ᠋ᠢᠬᠰᠠᠨ
ᠲᠥᠷᠦᠭᠰᠡᠨ ᠭᠡᠷ ᠦ᠋ᠨ ᠮᠢᠨᠢ ᠪᠠᠭᠤᠷᠢ ᠮᠥᠬᠥᠨ ᠬᠦᠷᠢᠶ᠎ᠡ ᠲᠠᠲᠠᠵᠤ
ᠲᠥᠭᠡ ᠵᠠᠢ ᠦᠭᠡᠢ ᠠᠮᠢᠲᠤᠷᠠᠯ ᠦ᠋ᠨ ᠢᠯᠴᠢ ᠰᠢᠩᠭᠡᠭᠡᠵᠦ ᠪᠠᠶ᠋ᠢᠲᠠᠭ ᠲᠤ ᠨᠢ
ᠭᠠᠵᠠᠷ ᠰᠢᠷᠣᠢ ᠳᠦ ᠪᠠᠨ ᠪᠢ ᠬᠠᠶ᠋ᠢᠷᠠᠲᠠᠢ
ᠠᠶ᠋ᠢᠮᠠᠭ ᠦ᠋ᠨ ᠰᠤᠷᠭᠠᠭᠤᠯᠢ ᠳᠦ ᠢᠷᠡᠴᠢᠬᠡᠭᠡᠳ ᠭᠡᠷ ᠶ᠋ᠢᠡᠨ ᠰᠠᠨᠠᠨ ᠭᠠᠨᠢᠬᠠᠷᠠᠵᠤ
ᠠᠷᠤ ᠪᠡᠯ ᠦ᠋ᠨ ᠬᠥᠲᠥᠯ ᠶ᠋ᠢᠡᠷ ᠬᠥᠮᠦᠨ ᠪ ᠪᠠᠷ᠎ᠠ ᠰᠢᠷᠲᠡᠨ
ᠠᠰᠬᠠᠷᠠᠬᠤ ᠨᠢᠯᠪᠤᠰᠤ ᠲᠠᠢ ᠨᠢᠲᠦᠨ ᠳᠦ ᠵᠤᠷᠠᠶ᠋ᠢᠨ ᠬᠠᠷᠠᠭᠲᠠᠲᠠᠭ ᠪᠠᠶ᠋ᠢᠬᠰᠠᠨ
ᠠᠯᠲᠠᠨ ᠰᠢᠷᠭᠠᠯ ᠵᠠᠮ ᠊ᠢ ᠣᠲᠣ ᠪᠣᠯᠲᠠᠯ᠎ᠠ ᠰᠠᠨᠠᠲᠠᠭ ᠲᠤ ᠪᠠᠨ
ᠭᠠᠵᠠᠷ ᠰᠢᠷᠣᠢ ᠳᠦ ᠪᠠᠨ ᠪᠢ ᠬᠠᠶ᠋ᠢᠷᠠᠲᠠᠢ
ᠠᠭᠤᠯᠠ ᠲᠤᠯᠤᠭᠠᠳ ᠦ᠋ᠨ ᠳᠡᠭᠡᠭᠦᠷ ᠡᠭᠦᠯᠡᠰ ᠰᠤᠭᠤᠨᠠᠭᠯᠠᠨ ᠨᠡᠭᠦᠵᠦ
ᠤᠨᠠᠭᠰᠠᠨ ᠮᠣᠷᠢᠨ ᠪ ᠲᠤᠭᠤᠷᠠᠢ ᠭᠠᠵᠠᠷ ᠬᠣᠲᠣᠶ᠋ᠢᠲᠠᠯᠠ ᠴᠠᠪᠴᠢᠯᠠᠵᠤ
ᠤᠴᠠᠷᠠᠬᠤ ᠶ᠋ᠢᠨ ᠰᠠᠶ᠋ᠢᠬᠠᠨ ᠢᠷᠥᠭᠡᠯ ᠶ᠋ᠢᠡᠷ ᠬᠣᠣᠰ ᠵᠢᠷᠦᠬᠡᠨ ᠴᠣᠬᠢᠯᠠᠵᠤ
ᠠᠭᠤᠲᠠᠮ ᠬᠡᠭᠡᠷ᠎ᠡ ᠶ᠋ᠢᠨ ᠪᠡᠯᠴᠢᠭᠡᠷ ᠲᠤ ᠬᠠᠶ᠋ᠢᠷ᠎ᠠ ᠠᠮᠲᠠᠯᠠᠭᠰᠠᠨ ᠪᠣᠯᠬᠣᠷ
ᠭᠠᠵᠠᠷ ᠰᠢᠷᠣᠢ ᠳᠦ ᠪᠠᠨ ᠪᠢ ᠬᠠᠶ᠋ᠢᠷᠠᠲᠠᠢ
ᠬᠠᠷᠢ ᠶ᠋ᠢᠨ ᠳᠠᠶ᠋ᠢᠰᠤᠨ ᠬᠠᠯᠲᠠᠬᠤ ᠳᠦ ᠭᠠᠯ ᠭᠣᠯᠣᠮᠲᠠ ᠪᠠᠨ ᠥᠮᠥᠭᠯᠡᠵᠦ
ᠬᠠᠲᠠᠨ ᠵᠣᠷᠢᠬᠲᠤ ᠡᠷᠡᠴᠦᠳ ᠫᠤᠤ ᠮᠥᠷᠥᠯᠡᠵᠦ ᠮᠣᠷᠲᠠᠬᠤ ᠳᠦ ᠪᠠᠨ
ᠬᠠᠲᠤᠨ ᠲᠤᠤᠯᠠ ᠶ᠋ᠢᠨ ᠤᠰᠤ ᠶ᠋ᠢ ᠷᠠᠰᠢᠶᠠᠨ ᠭᠡᠵᠦ ᠠᠮᠲᠠᠯᠠᠨ
ᠬᠠᠶ᠋ᠢᠷᠭᠤ ᠴᠢᠯᠠᠭᠤᠨ ᠰᠢᠷᠣᠢ ᠶ᠋ᠢ ᠨᠢ ᠠᠯᠴᠢᠭᠤᠷ ᠲᠤ ᠪᠠᠨ ᠪᠣᠭᠣᠵᠤ ᠶᠠᠪᠤᠭᠰᠠᠨ ᠳᠦ ᠨᠢ
ᠭᠠᠵᠠᠷ ᠰᠢᠷᠣᠢ ᠳᠦ ᠪᠠᠨ ᠪᠢ ᠬᠠᠶ᠋ᠢᠷᠠᠲᠠᠢ
ᠠᠷᠪᠠᠨ ᠲᠥᠭᠡ ᠪᠡᠶ᠎ᠡ ᠶ᠋ᠢᠨ ᠶ᠋ᠢᠡᠨ ᠠᠯᠵᠢᠶᠠᠨ ᠶᠠᠲᠠᠷᠠᠬᠤ ᠶ᠋ᠢ ᠮᠠᠲᠠᠯ ᠦᠭᠡᠢ
ᠠᠷᠪᠠᠢ ᠶ᠋ᠢᠨ ᠲᠠᠯ᠎ᠠ ᠶ᠋ᠢᠨ ᠠᠭᠤᠲᠠᠮ ᠳᠦ ᠴᠤᠤᠷᠢᠶ᠎ᠠ ᠬᠠᠲᠠᠲᠠᠯ᠎ᠠ ᠳᠠᠭᠤᠯᠠᠵᠤ
ᠠᠭᠠᠭ ᠲᠠᠢ ᠵᠠᠯᠠᠭᠤ ᠨᠠᠰᠤᠨ ᠪ ᠪᠠᠨ ᠢᠲᠡ ᠪᠠᠬ᠎ᠠ ᠶ᠋ᠢ ᠦᠵᠡᠬᠦ ᠭᠡᠵᠦ
ᠠᠲᠠᠷ ᠦ᠋ᠨ ᠣᠩᠭᠣᠨ ᠬᠥᠷᠥᠰᠥᠨ ᠳᠦ ᠦᠷ᠎ᠡ ᠰᠠᠭᠤᠯᠭᠠᠯᠴᠠᠭᠰᠠᠨ ᠪᠣᠯᠬᠣᠷ
ᠭᠠᠵᠠᠷ ᠰᠢᠷᠣᠢ ᠳᠦ ᠪᠠᠨ ᠪᠢ ᠬᠠᠶ᠋ᠢᠷᠠᠲᠠᠢ
ᠵᠠᠭᠤᠷ᠎ᠠ ᠬᠣᠨᠣᠭᠰᠠᠨ ᠰᠠᠷᠠᠨ ᠪ ᠲᠡᠷᠭᠡᠯ ᠲᠤᠶᠠᠬ᠋᠎ᠠ ᠶ᠋ᠢ ᠣᠷᠣᠯᠠᠬᠤ
ᠵᠠᠭᠤᠨ ᠲᠦᠮᠡᠨ ᠵᠤᠯᠠ ᠡᠬᠡ ᠭᠠᠵᠠᠷ ᠲᠤ ᠪᠠᠨ ᠠᠰᠠᠭᠠᠵᠤ
ᠲᠡᠩᠬᠡᠭᠡᠲᠦ ᠪᠠᠶᠠᠨ ᠪ ᠪᠠᠨ ᠬᠥᠯᠥᠰᠥ ᠶ᠋ᠢ ᠳᠤᠰᠤᠯ ᠳᠤᠰᠤᠯ ᠶ᠋ᠢᠠᠷ ᠰᠢᠩᠭᠡᠭᠡᠬᠦ ᠭᠡᠵᠦ
ᠲᠡᠭᠷᠢᠯᠢᠭ ᠰᠠᠶ᠋ᠢᠬᠠᠨ ᠣᠷᠣᠨ ᠪ ᠪᠠᠨ ᠡᠵᠡᠨ ᠪᠣᠯᠵᠤ ᠲᠥᠷᠥᠭᠰᠡᠨ ᠳᠦ ᠪᠡᠨ
ᠭᠠᠵᠠᠷ ᠰᠢᠷᠣᠢ ᠳᠦ ᠪᠠᠨ ᠪᠢ ᠬᠠᠶ᠋ᠢᠷᠠᠲᠠᠢ ᠃
ᠦᠰᠦᠭ ᠠᠮᠢᠯᠠᠭᠤᠯᠤᠭᠴᠢ ᠄ ᠪᠤᠤ ᠿᠦᠩ ᠬᠤᠸᠠ
ᠬᠢᠨᠠᠭᠴᠢ ᠄ ᠮᠥᠴᠢᠷ ᠪᠠᠭ᠍ᠰᠢ
