ᠮᠠᠨ ᠪ ᠮᠣᠩᠭᠣᠯ ᠦ᠋ᠨ ᠶᠣᠰᠣ ᠵᠠᠶᠢᠬ ᠡᠶ᠋ᠢᠮᠦ Манай монголын ёс жаяг ийм ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠨ ᠪ ᠮᠣᠩᠭᠣᠯ ᠦ᠋ᠨ ᠶᠣᠰᠣ ᠵᠠᠶᠢᠬ ᠡᠶ᠋ᠢᠮᠦ Манай монголын ёс жаяг ийм

ᠮᠠᠨ ᠪ ᠮᠣᠩᠭᠣᠯ ᠦ᠋ᠨ ᠶᠣᠰᠣ ᠵᠠᠶᠢᠬ ᠡᠶ᠋ᠢᠮᠦ Манай монголын ёс жаяг ийм

ᠠᠩᠭᠢᠯᠠᠯ:ᠵᠠᠩ ᠦᠢᠯᠡ
2023-02-28

390

ᠮᠠᠨ ᠪ ᠮᠣᠩᠭᠣᠯ ᠦ᠋ᠨ ᠶᠣᠰᠣ ᠵᠠᠶᠢᠬ ᠡᠶ᠋ᠢᠮᠦ


 [  ᠤᠩᠰᠢᠯᠭ᠎ᠠ ᠶ᠋ᠢᠨ ᠬᠥᠲᠥᠴᠢ ] 
 ᠮᠣᠩᠭᠣᠯᠴᠤᠳ ᠡᠷᠲᠡ ᠡᠴᠡ ᠪᠡᠨ ᠠᠪᠤᠭᠠᠳ ᠦᠷ᠎ᠡ ᠬᠡᠦᠬᠡᠳ ᠢ᠋ ᠶᠣᠰᠣ ᠲᠠᠢ ᠨᠣᠮ ᠲᠠᠢ ᠰᠤᠷᠭᠠᠬᠤ ᠶ᠋ᠢ ᠴᠢᠬᠤᠯᠠᠴᠢᠯᠠᠭᠰᠠᠭᠠᠷ ᠬᠡᠦᠬᠡᠳ ᠦ᠋ᠨ ᠶ᠋ᠢᠡᠨ ᠦᠰᠦᠨ ᠪᠣᠢᠵᠢᠯᠲᠠ ᠶ᠋ᠢᠨ ᠱᠠᠲᠤ ᠦᠶ᠎ᠡ ᠂  ᠤᠬᠠᠭᠠᠵᠢᠨ ᠲᠣᠮᠤᠭᠠᠵᠢᠬᠤ ᠶ᠋ᠢᠨ ᠬᠢᠷᠢ ᠲᠦᠪᠰᠢᠨ ᠂  ᠨᠠᠰᠤ ᠵᠢᠯ ᠦ᠋ᠨ ᠨᠡᠮᠡᠭᠳᠡᠯ ᠥᠰᠦᠯᠲᠡ ᠳ᠋ᠦ᠍ ᠵᠣᠬᠢᠴᠠᠭᠤᠯᠤᠨ ᠵᠠᠩ ᠦᠢᠯᠡ ᠂  ᠶᠣᠰᠣ ᠰᠤᠷᠲᠠᠬᠤᠨ ᠢ᠋ᠶ᠋ᠠᠨ ᠰᠤᠷᠭᠠᠳᠠᠭ ᠶᠣᠮ ᠃  ᠮᠣᠩᠭᠣᠯ ᠶᠣᠰᠣ ᠵᠠᠶᠢᠬ ᠢ᠋ᠶ᠋ᠠᠨ ᠣᠲᠣ ᠶ᠋ᠢᠨ ᠨᠡᠢᠭᠡᠮ ᠦ᠋ᠨ ᠰᠤᠷᠭᠠᠨ ᠬᠥᠮᠦᠵᠢᠯ ᠭᠡᠷ ᠪᠦᠯᠢ ᠶ᠋ᠢᠨ ᠬᠥᠮᠦᠵᠢᠯ ᠲᠡᠢ ᠤᠶᠠᠯᠳᠤᠭᠤᠯᠤᠨ ᠦᠷ᠎ᠡ ᠬᠣᠢᠴᠢᠰ ᠲᠤ᠌ ᠪᠠᠨ ᠤᠯᠠᠮᠵᠢᠯᠠᠨ ᠪᠠᠳᠠᠷᠠᠭᠤᠯᠬᠤ ᠨᠢ ᠵᠦᠢ ᠪᠢᠯᠡ ᠃ 

 ᠠᠶᠠᠭ᠎ᠠ ᠪᠠᠨ ᠬᠥᠮᠥᠷᠢᠵᠦ ᠲᠠᠯᠪᠢᠳᠠᠭ ᠦᠭᠡᠢ
 ᠠᠷᠤᠭ ᠰᠠᠨᠲᠠᠢᠯᠠᠵᠤ ᠰᠠᠭᠤᠳᠠᠭ ᠦᠭᠡᠢ
 ᠠᠯᠠᠭ᠎ᠠ ᠪᠠᠨ ᠬᠣᠭᠣᠰᠣᠨ ᠲᠠᠰᠢᠳᠠᠭ ᠦᠭᠡᠢ 
 ᠠᠮᠢᠲᠠᠨ ᠲᠠᠮᠤᠯᠠᠵᠤ ᠵᠣᠪᠠᠭᠠᠳᠠᠭ ᠦᠭᠡᠢ
 ᠠᠪᠲᠠᠷ᠎ᠠ ᠰᠠᠪᠠ ᠣᠩᠭᠣᠷᠬᠠᠢ ᠬᠠᠶᠠᠳᠠᠭ ᠦᠭᠡᠢ
 ᠠᠷᠴᠠᠨ ᠪ ᠭᠠᠯ ᠢ᠋ ᠦᠯᠢᠶᠡᠵᠦ ᠤᠨᠲᠠᠷᠠᠭᠠᠳᠠᠭ ᠦᠭᠡᠢ
 ᠠᠷᠬᠤᠳ ᠤ᠋ᠨ ᠢᠷᠣᠭᠠᠷ ᠢ᠋ ᠬᠣᠭᠣᠰᠣᠯᠠᠳᠠᠭ ᠦᠭᠡᠢ
 ᠠᠶᠠᠨᠴᠢᠨ ᠵᠢᠩᠴᠢᠨ ᠢ᠋ ᠠᠲᠠ ᠦᠵᠡᠳᠡᠭ ᠦᠭᠡᠢ
 ᠠᠷᠠᠳ ᠤ᠋ᠨ ᠮᠢᠨᠢ ᠶᠣᠰᠣ ᠵᠠᠶᠢᠬ ᠡᠢᠮᠦ

 ᠪᠣᠱᠣᠭᠠᠨ ᠲᠡᠭᠡᠷ᠎ᠡ ᠰᠠᠭᠤᠳᠠᠭ ᠦᠭᠡᠢ
 ᠪᠣᠯᠤᠭᠰᠠᠨ ᠢᠲᠡᠭᠡᠨ ᠡᠴᠡ ᠥᠩᠭᠡᠷᠡᠭᠡᠳᠡᠭ ᠦᠭᠡᠢ
 ᠪᠠᠭᠠᠨ᠎ᠠ ᠬᠣᠭᠣᠷᠣᠨᠳᠣᠭᠤᠷ ᠭᠠᠷᠳᠠᠭ ᠦᠭᠡᠢ
 ᠪᠦᠰᠡ ᠮᠠᠯᠠᠭᠠᠢ ᠪᠠᠨ ᠰᠣᠯᠢᠳᠠᠭ ᠦᠭᠡᠢ
 ᠪᠤᠷᠬᠠᠨ ᠰᠢᠲᠦᠭᠡᠨ ᠤᠷᠤᠭᠤ ᠬᠦᠯ ᠵᠢᠭᠢᠳᠡᠭ ᠦᠭᠡᠢ
 ᠪᠤᠷᠤᠭᠤ ᠭᠠᠷ ᠶ᠋ᠢᠠᠷ ᠬᠥᠮᠦᠨ ᠳ᠋ᠦ᠍ ᠶᠠᠭᠤᠮ᠎ᠠ ᠦᠭᠡᠢ
 ᠪᠤᠴᠠᠭᠠᠵᠤ ᠲᠤᠰᠠ ᠨᠡᠬᠡᠳᠡᠭ ᠦᠭᠡᠢ
 ᠪᠠᠭᠤᠷᠢᠨ ᠳᠡᠭᠡᠷ᠎ᠡ ᠪᠡᠨ ᠭᠢᠰᠬᠢᠳᠡᠭ ᠦᠭᠡᠢ
 ᠪᠤᠭᠤᠷᠤᠯ ᠤ᠋ᠨ ᠮᠢᠨᠢ ᠶᠣᠰᠣ ᠵᠠᠶᠢᠬ ᠡᠢᠮᠦ

 ᠳᠠᠭ᠎ᠠ ᠳ᠋ᠤ᠌ ᠠᠮᠠ ᠭᠠᠷᠳᠠᠭ ᠦᠭᠡᠢ
 ᠲᠠᠯᠤᠨ ᠳ᠋ᠤ᠌ ᠰᠢᠲᠦ ᠬᠦᠷᠭᠡᠳᠡᠭ ᠦᠭᠡᠢ
 ᠳᠠᠭᠠᠷᠠᠭᠰᠠᠨ ᠴᠦ᠍ ᠭᠠᠯ ᠳ᠋ᠤ᠌ ᠡᠭᠡᠭᠡᠳᠡᠭ ᠦᠭᠡᠢ
 ᠳᠠᠪᠤᠰᠤ ᠦᠭᠡᠢ ᠴᠠᠢ ᠤᠤᠭᠤᠭᠰᠠᠨ ᠢ᠋ᠶ᠋ᠠᠨ ᠬᠡᠯᠡᠳᠡᠭ ᠦᠭᠡᠢ
 ᠮᠠᠯᠠᠭᠠᠢ ᠳᠠᠪᠬᠤᠷᠯᠠᠵᠤ ᠡᠮᠦᠰᠳᠡᠭ ᠦᠭᠡᠢ
 ᠮᠢᠯᠠᠭ᠎ᠠ ᠪᠠᠨ ᠲᠤᠯᠵᠤ ᠪᠣᠰᠳᠠᠭ ᠦᠭᠡᠢ
 ᠮᠠᠨᠴᠤᠢ ᠪᠠᠨ ᠬᠡᠭᠡᠷ᠎ᠡ ᠬᠠᠶᠠᠳᠠᠭ ᠦᠭᠡᠢ
 ᠮᠠᠲᠠᠭᠠᠰᠤ ᠬᠣᠪ ᠵᠥᠭᠡᠭᠡᠳᠡᠭ ᠦᠭᠡᠢ
 ᠮᠠᠨᠤᠰ ᠤ᠋ᠨ ᠶᠣᠰᠣ ᠵᠠᠶᠢᠬ ᠡᠢᠮᠦ


 ᠭᠣᠣᠯ ᠳ᠋ᠤ᠌ ᠪᠤᠷᠲᠠᠭ ᠤᠬᠢᠶᠠᠳᠠᠭ ᠦᠭᠡᠢ
 ᠭᠠᠯ ᠳ᠋ᠤ᠌ ᠬᠣᠭ ᠰᠢᠲᠠᠭᠠᠳᠠᠭ ᠦᠭᠡᠢ
 ᠭᠠᠰ ᠮᠡᠲᠦ ᠬᠠᠳᠬᠤᠵᠤ ᠬᠠᠶᠠᠳᠠᠭ ᠦᠭᠡᠢ
 ᠭᠡᠷ ᠶ᠋ᠢᠡᠨ ᠪᠤᠷᠤᠭᠤ ᠲᠥᠭᠡᠯᠡᠳᠡᠭ ᠦᠭᠡᠢ
 ᠨᠣᠬᠠᠢ ᠵᠠᠢᠲᠠᠯᠠᠵᠤ ᠮᠣᠷᠳᠠᠳᠠᠭ ᠦᠭᠡᠢ
 ᠨᠣᠮ ᠰᠤᠳᠤᠷ ᠳᠡᠯᠭᠡᠵᠦ ᠣᠷᠬᠢᠲᠠᠭ ᠦᠭᠡᠢ
 ᠨᠠᠪᠴᠢ ᠴᠡᠴᠡᠭ ᠲᠠᠰᠤᠯᠳᠠᠭ ᠦᠭᠡᠢ
 ᠨᠠᠰᠤᠲᠠᠨ ᠪ ᠡᠮᠦᠨᠡᠭᠦᠷ ᠴᠠᠬᠢᠯᠠᠳᠠᠭ ᠦᠭᠡᠢ
 ᠨᠤᠲᠤᠭ ᠤ᠋ᠨ ᠮᠢᠨᠢ ᠶᠣᠰᠣ ᠵᠠᠶᠢᠬ ᠡᠢᠮᠦ

 ᠰᠠᠪᠠᠭ᠎ᠠ ᠮᠣᠳᠣ ᠪᠠᠷᠢᠳᠠᠭ ᠦᠭᠡᠢ
 ᠰᠠᠯᠠᠭ᠎ᠠ ᠪᠠᠷ ᠢ᠋ᠶ᠋ᠠᠨ ᠶᠠᠭᠤᠮ᠎ᠠ ᠥᠭᠳᠡᠭ ᠦᠭᠡᠢ
 ᠰᠠᠷ᠎ᠠ ᠡᠳᠦᠷ ᠲᠣᠪᠯᠠᠳᠠᠭ ᠦᠭᠡᠢ
 ᠰᠠᠨᠠᠭᠰᠠᠨ ᠢ᠋ᠶ᠋ᠠᠨ ᠪᠦᠲᠦᠭᠰᠡᠨ ᠳ᠋ᠦ᠍ ᠲᠣᠭᠠᠴᠠᠳᠠᠭ ᠦᠭᠡᠢ
 ᠰᠠᠪᠠ ᠬᠣᠭᠣᠰᠣᠨ ᠪᠤᠴᠠᠭᠠᠳᠠᠭ ᠦᠭᠡᠢ
 ᠰᠠᠬᠢᠭᠤᠰᠤ ᠪᠠᠨ ᠭᠠᠵᠠᠷ ᠤᠨᠠᠭᠠᠳᠠᠭ ᠦᠭᠡᠢ
 ᠰᠡᠲᠡᠷᠲᠡᠢ ᠮᠠᠯ ᠤᠨᠤᠲᠠᠭ ᠦᠭᠡᠢ
 ᠰᠡᠲᠡᠷᠬᠡᠢ ᠵᠡᠭᠦᠦ ᠬᠠᠳᠠᠭᠠᠯᠠᠳᠠᠭ ᠦᠭᠡᠢ
 ᠰᠡᠳᠬᠢᠯ ᠦ᠋ᠨ ᠮᠢᠨᠢ ᠶᠣᠰᠣ ᠵᠠᠶᠢᠬ ᠡᠢᠮᠦ

 ᠬᠠᠭᠠᠯᠭ᠎ᠠ ᠠᠯᠲᠠᠯᠠᠵᠤ ᠵᠣᠭᠰᠣᠳᠠᠭ ᠦᠭᠡᠢ
 ᠬᠠᠢᠴᠢ ᠠᠩᠭᠠᠢᠯᠭᠠᠵᠤ ᠲᠠᠯᠪᠢᠳᠠᠭ ᠦᠭᠡᠢ
 ᠬᠠᠷ᠎ᠠ ᠤᠰᠤ ᠬᠥᠮᠦᠨ ᠤᠷᠤᠭᠤ ᠰᠠᠴᠤᠳᠠᠭ ᠦᠭᠡᠢ
 ᠬᠠᠩᠭᠠᠢ ᠶ᠋ᠢᠨ ᠪᠤᠶᠠᠨ ᠢ᠋ ᠴᠢᠮᠠᠯᠠᠳᠠᠭ ᠦᠭᠡᠢ
 ᠬᠠᠷᠠᠩᠭᠤᠢ ᠳ᠋ᠤ᠌ ᠬᠡᠷᠡᠭᠦᠯ ᠬᠢᠳᠡᠭ ᠦᠭᠡᠢ
 ᠬᠠᠯᠠᠭᠠᠰᠤ ᠪᠠᠨ ᠡᠷᠭᠢᠭᠦᠯᠵᠦ ᠶᠠᠪᠤᠳᠠᠭ ᠦᠭᠡᠢ
 ᠬᠠᠪᠰᠢᠵᠤ ᠡᠮᠬᠢ ᠪᠡᠨ ᠵᠠᠭᠤᠳᠠᠭ ᠦᠭᠡᠢ
 ᠬᠠᠵᠠᠭᠤᠯᠳᠠᠵᠤ ᠬᠡᠪᠲᠡᠵᠦ ᠬᠣᠭᠣᠯᠠ ᠢᠳᠡᠳᠡᠭ ᠦᠭᠡᠢ
 ᠬᠠᠭᠠᠳ ᠤ᠋ᠨ ᠮᠢᠨᠢ ᠶᠣᠰᠣ ᠵᠠᠶᠢᠬ ᠡᠢᠮᠦ

 ᠬᠢᠲᠣᠭ᠎ᠠ ᠶ᠋ᠢᠨ ᠢᠷ ᠳᠡᠭᠡᠭᠰᠢ ᠨᠢ ᠬᠠᠷᠠᠭᠤᠯᠳᠠᠭ ᠦᠭᠡᠢ
 ᠬᠣᠪᠣᠩ ᠤ᠋ᠨ ᠪᠠᠬᠠᠤ ᠲᠡᠪᠡᠷᠢᠳᠡᠭ ᠦᠭᠡᠢ
 ᠬᠤᠯᠠᠭᠠᠢ ᠢᠲᠡᠭᠡᠨ ᠡᠴᠡ ᠠᠮᠰᠠᠳᠠᠭ ᠦᠭᠡᠢ
 ᠬᠤᠤᠲᠤᠤ ᠲᠠᠢ ᠦᠭᠡᠨ ᠳ᠋ᠦ᠍ ᠢᠲᠡᠭᠡᠳᠡᠭ ᠦᠭᠡᠢ
 ᠬᠣᠯᠠ ᠶ᠋ᠢᠨ ᠬᠥᠮᠦᠨ ᠢ᠋ ᠬᠣᠭᠣᠰᠣᠨ ᠬᠣᠨᠣᠭᠤᠯᠳᠠᠭ ᠦᠭᠡᠢ
 ᠬᠥᠮᠦᠨ ᠪ ᠡᠮᠦᠨ᠎ᠡ ᠡᠴᠡ ᠦᠨᠡᠰᠦ ᠭᠠᠷᠭᠠᠳᠠᠭ ᠦᠭᠡᠢ
 ᠬᠡᠦᠬᠡᠳ ᠦ᠋ᠨ ᠵᠤᠯᠠᠢ ᠲᠡᠮᠲᠡᠷᠢᠳᠡᠭ ᠦᠭᠡᠢ
 ᠬᠥᠭᠰᠢᠳ ᠦ᠋ᠨ ᠮᠢᠨᠢ ᠶᠣᠰᠣ ᠵᠠᠶᠢᠬ ᠡᠢᠮᠦ
 
 ᠤᠰᠤᠨ ᠳ᠋ᠤ᠌ ᠴᠠᠭ᠎ᠠ ᠣᠷᠣᠭᠤᠯᠳᠠᠭ ᠦᠭᠡᠢ
 ᠤᠯᠠᠭ᠎ᠠ ᠬᠡᠦᠬᠡᠳ ᠲᠦ᠍ ᠦᠵᠡᠭᠦᠯᠳᠡᠭ ᠦᠭᠡᠢ
 ᠠᠭᠤᠯᠠ ᠣᠪᠣᠭᠠᠨ ᠳ᠋ᠤ᠌ ᠬᠣᠭ ᠬᠠᠶᠠᠳᠠᠭ ᠦᠭᠡᠢ
 ᠤᠯᠢᠳᠠᠭ ᠨᠣᠬᠠᠢ ᠲᠡᠵᠢᠭᠡᠳᠡᠭ ᠦᠭᠡᠢ
 ᠤᠰᠤᠨ ᠪ ᠡᠬᠢᠨ ᠳ᠋ᠦ᠍ ᠭᠡᠷ ᠶ᠋ᠢᠡᠨ ᠪᠠᠷᠢᠳᠠᠭ ᠦᠭᠡᠢ
 ᠤᠨᠠᠭᠠᠨ ᠪ ᠵᠡᠯ᠎ᠡ ᠳᠡᠭᠡᠭᠦᠷ ᠠᠯᠬᠤᠳᠠᠭ ᠦᠭᠡᠢ
 ᠤᠷᠲᠤ ᠨᠠᠰᠤᠲᠠᠢ ᠠᠮᠢᠲᠠᠨ ᠠᠯᠠᠳᠠᠭ ᠦᠭᠡᠢ
 ᠤᠷᠤᠭᠤ ᠪᠠᠨ ᠬᠠᠷᠠᠭᠰᠠᠨ ᠰᠠᠪᠠ ᠪᠡᠯᠡᠭᠯᠡᠳᠡᠭ ᠦᠭᠡᠢ
 ᠤᠭ ᠤ᠋ᠨ ᠮᠢᠨᠢ ᠶᠣᠰᠣ ᠵᠠᠶᠢᠬ ᠡᠢᠮᠦ

 ᠲᠣᠯᠣᠭᠠᠢ ᠪᠠᠨ ᠰᠠᠯᠠᠭᠠᠪᠴᠢᠯᠠᠳᠠᠭ ᠦᠭᠡᠢ
 ᠲᠣᠯᠢ ᠪᠦᠲᠡᠭᠡᠯᠲᠡ ᠦᠭᠡᠢ ᠬᠣᠨᠣᠭᠤᠯᠳᠠᠭ ᠦᠭᠡᠢ
 ᠲᠣᠭᠣᠭ᠎ᠠ ᠰᠢᠨᠠᠭ᠎ᠠ ᠨᠡᠢᠯᠡᠭᠦᠯᠵᠦ ᠣᠷᠬᠢᠲᠠᠭ ᠦᠭᠡᠢ
 ᠲᠣᠲᠣᠭᠣ ᠬᠠᠲᠠᠪᠴᠢ ᠪᠠᠷ ᠱᠠᠭᠠᠢᠲᠠᠭ ᠦᠭᠡᠢ
 ᠲᠤᠯᠭᠤᠷ ᠪᠦᠰᠡᠭᠦᠢ ᠶ᠋ᠢᠨ ᠡᠮᠦᠨᠡᠭᠦᠷ ᠭᠠᠷᠳᠠᠭ ᠦᠭᠡᠢ
 ᠲᠤᠭ ᠰᠦᠯᠳᠡ ᠪᠡᠨ ᠪᠥᠬᠥᠢᠯᠭᠡᠳᠡᠭ ᠦᠭᠡᠢ
 ᠲᠡᠦᠬᠡ ᠰᠣᠶᠣᠯ ᠢ᠋ᠶ᠋ᠠᠨ ᠮᠠᠷᠲᠠᠳᠠᠭ ᠦᠭᠡᠢ
 ᠲᠦᠮᠡᠨ ᠪ ᠮᠢᠨᠢ ᠶᠣᠰᠣ ᠵᠠᠶᠢᠬ ᠡᠢᠮᠦ

 ᠵᠢᠷᠭᠠᠭᠰᠠᠨ ᠴᠤ᠌ ᠣᠷᠣᠨ ᠳ᠋ᠤ᠌ ᠪᠠᠨ ᠳᠠᠭᠤᠯᠠᠳᠠᠭ ᠦᠭᠡᠢ
 ᠵᠣᠪᠠᠭᠰᠠᠨ ᠴᠤ᠌ ᠣᠯᠠᠨ ᠳ᠋ᠤ᠌ ᠳᠡᠯᠭᠡᠳᠡᠭ ᠦᠭᠡᠢ
 ᠶᠠᠳᠠᠭᠰᠠᠨ ᠬᠥᠮᠦᠨ ᠢ᠋ ᠱᠣᠣᠯᠠᠳᠠᠭ ᠦᠭᠡᠢ
 ᠶᠠᠪᠤᠭᠤᠯ ᠤ᠋ᠨ ᠬᠥᠮᠦᠨ ᠢ᠋ ᠥᠭᠡᠯᠡᠳᠡᠭ ᠦᠭᠡᠢ
 ᠬᠥᠯ ᠶ᠋ᠢᠡᠨ ᠠᠴᠢᠵᠤ ᠰᠠᠭᠤᠳᠠᠭ ᠦᠭᠡᠢ
 ᠬᠥᠯ ᠨᠢᠷᠤᠭᠤ ᠪᠠᠨ ᠨᠡᠢᠯᠡᠭᠦᠯᠳᠡᠭ ᠦᠭᠡᠢ
 ᠥᠯᠵᠡᠢ ᠬᠡ ᠶ᠋ᠢ ᠳᠣᠣᠷ᠎ᠠ ᠪᠠᠢᠷᠢᠯᠠᠭᠤᠯᠲᠠᠭ ᠦᠭᠡᠢ
 ᠡᠪᠡᠰᠦ ᠮᠣᠳᠣ ᠵᠠᠭᠤᠳᠠᠭ ᠦᠭᠡᠢ
 ᠡᠪᠦᠭᠡᠳ ᠦ᠋ᠨ ᠮᠢᠨᠢ ᠶᠣᠰᠣ ᠵᠠᠶᠢᠬ ᠡᠢᠮᠦ

 ᠰᠢᠲᠠᠵᠤ ᠶᠠᠭᠤᠮ᠎ᠠ ᠥᠭᠳᠡᠭ ᠦᠭᠡᠢ
 ᠰᠢᠭᠦᠷᠡᠵᠦ ᠶᠠᠭᠤᠮ᠎ᠠ ᠠᠪᠳᠠᠭ ᠦᠭᠡᠢ
 ᠰᠢᠲᠦ ᠪᠡᠨ ᠬᠠᠪᠢᠷᠴᠤ ᠪᠣᠯᠲᠠᠭ ᠦᠭᠡᠢ
 ᠰᠢᠷᠡᠭᠡ ᠪᠤᠯᠤᠩᠳᠠᠵᠤ ᠰᠠᠭᠤᠳᠠᠭ ᠦᠭᠡᠢ
 ᠰᠦᠨ ᠳᠡᠭᠡᠷ᠎ᠡ ᠤᠰᠤ ᠬᠢᠳᠡᠭ ᠦᠭᠡᠢ
 ᠰᠡᠭᠦᠵᠢᠨ ᠶᠠᠰᠤ ᠭᠡᠷ ᠲᠦ᠍ ᠬᠣᠨᠣᠭᠤᠯᠳᠠᠭ ᠦᠭᠡᠢ
 ᠰᠡᠭᠦᠳᠡᠷ ᠶ᠋ᠢᠡᠨ ᠥᠨᠳᠡᠭᠡᠨ ᠳ᠋ᠦ᠍ ᠲᠤᠰᠬᠠᠳᠠᠭ ᠦᠭᠡᠢ
 ᠰᠠᠭᠤᠷᠢᠨ ᠳᠡᠭᠡᠷ᠎ᠡ ᠪᠡᠨ ᠬᠣᠯᠪᠣᠷᠢᠵᠤ ᠬᠤᠪᠢᠷᠠᠳᠠᠭ ᠦᠭᠡᠢ
 ᠰᠠᠨᠠᠭᠠᠨ ᠪ ᠮᠢᠨᠢ ᠶᠣᠰᠣ ᠵᠠᠶᠢᠬ ᠡᠢᠮᠦ


 ᠦᠰᠦᠭ ᠠᠮᠢᠯᠠᠭᠤᠯᠤᠭᠴᠢ ᠄  ᠴᠧᠨ ᠬᠤᠪᠢᠰᠬᠠᠯ ᠂  ᠰᠠᠷᠠᠨ᠎ᠠ ᠂  ᠪᠤᠤ ᠿᠦᠩ ᠬᠤᠸᠠ
 ᠬᠢᠨᠠᠭᠴᠢ ᠄  ᠮᠥᠴᠢᠷ