ᠰᠠᠢᠬᠠᠨ – ᠲᠣ᠋ ᠂ ᠨᠠᠨᠲᠢᠨ Сайхан – То ᠂ Нандин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ – ᠲᠣ᠋ ᠂ ᠨᠠᠨᠲᠢᠨ Сайхан – То ᠂ Нандин

ᠰᠠᠢᠬᠠᠨ – ᠲᠣ᠋ ᠂ ᠨᠠᠨᠲᠢᠨ Сайхан – То ᠂ Нандин

2023-02-28

285

ᠰᠠᠢᠬᠠᠨ


                  ᠲᠣ᠋᠂ ᠨᠠᠨᠲᠢᠨ

  ᠰᠥᠨᠲᠡᠷᠯᠡᠵᠦ ᠬᠠᠷᠠᠭᠲᠠᠬᠤ ᠣᠷᠭᠢᠯ ᠨᠢ ᠰᠠᠶ᠋ᠢᠬᠠᠨ
  ᠰᠥᠮᠪᠥᠷ ᠠᠭᠣᠯᠠ ᠰᠢᠭ᠋ ᠠᠪᠤ ᠮᠢᠨᠢ ᠰᠠᠶ᠋ᠢᠬᠠᠨ
  ᠰᠦᠷᠦᠭᠯᠡᠨ ᠪᠡᠯᠴᠢᠬᠦ ᠮᠠᠯ ᠨᠢ ᠰᠠᠶ᠋ᠢᠬᠠᠨ
  ᠰᠦ᠋ ᠪᠡᠨ ᠡᠷᠭᠦᠭᠰᠡᠨ ᠡᠵᠢ ᠮᠢᠨᠢ ᠰᠠᠶ᠋ᠢᠬᠠᠨ

  ᠡᠯᠢᠭᠡᠲᠡᠵᠦ ᠤᠨᠠᠭᠰᠠᠨ ᠨᠤᠲᠤᠭ ᠮᠢᠨᠢ ᠰᠠᠶ᠋ᠢᠬᠠᠨ
  ᠡᠷᠲᠡᠮ ᠦ᠋ᠨ ᠤᠨᠲᠤᠷᠤᠬ᠋᠎ᠠ ᠰᠤᠶᠣᠯ ᠮᠢᠨᠢ ᠰᠠᠶ᠋ᠢᠬᠠᠨ
  ᠡᠷᠬᠡ ᠬᠣᠩᠭᠣᠷ ᠨᠠᠰᠤ ᠮᠢᠨᠢ ᠰᠠᠶ᠋ᠢᠬᠠᠨ
  ᠡᠨᠡᠷᠢᠯᠲᠦ ᠪᠠᠭᠰᠢ ᠶ᠋ᠢᠨ ᠰᠤᠷᠭᠠᠯ ᠨᠢ ᠰᠠᠶ᠋ᠢᠬᠠᠨ

  ᠠᠲᠠᠷ ᠲᠠᠯ᠎ᠠ ᠶ᠋ᠢᠨ ᠴᠡᠴᠡᠭ ᠨᠢ ᠰᠠᠶ᠋ᠢᠬᠠᠨ
  ᠠᠭᠲᠠ ᠬᠥᠯᠥᠭ ᠦ᠋ᠨ ᠪᠠᠷ᠎ᠠ ᠨᠢ ᠰᠠᠶ᠋ᠢᠬᠠᠨ
  ᠠᠯᠤᠰ ᠲᠤ ᠮᠢᠷᠠᠯᠵᠠᠬᠤ ᠵᠡᠷᠭᠡᠯᠭᠡᠨ ᠨᠢ ᠰᠠᠶ᠋ᠢᠬᠠᠨ
  ᠠᠲᠤᠭᠤᠴᠢᠨ ᠵᠠᠯᠠᠭᠤ ᠶ᠋ᠢᠨ ᠵᠢᠪᠬᠤᠬ᠋᠎ᠠ ᠨᠢ ᠰᠠᠶ᠋ᠢᠬᠠᠨ 
                              2022.1.17
          
         ᠦᠰᠦᠭ ᠠᠮᠢᠯᠠᠭᠤᠯᠤᠭᠴᠢ ᠄  ᠣᠶᠤᠨᠴᠡᠴᠡᠭ
            ᠬᠢᠨᠠᠭᠴᠢ ᠄ ᠪᠠᠯᠵᠢ                      
                 2023.2.27