ᠪᠢ ᠪᠠᠶᠠᠨ ᠬᠥᠮᠦᠨ – ᠮᠠᠭᠰᠤᠷ ᠦ᠋ᠨ ᠡᠩᠬᠡᠰᠥ᠋ᠯᠲᠡ Би баян хүн – Магсарын Энхсүлд
ᠪᠢ ᠪᠠᠶᠠᠨ ᠬᠥᠮᠥᠨ
ᠮᠠᠭᠰᠤᠷ ᠦ᠋ᠨ ᠡᠩᠬᠡᠰᠥ᠋ᠯᠲᠡ
ᠲᠠᠷᠠᠭ ᠦ᠋ᠨ ᠲᠠᠪᠤᠨ ᠢᠮᠠᠬ᠋ᠠ ᠲᠠᠢ
ᠲᠠᠰᠢᠭᠤᠷ ᠦ᠋ᠨ ᠨᠢᠭᠡ ᠠᠵᠢᠷᠬ᠋ᠠ ᠲᠠᠢ
ᠱᠥᠯᠦᠨ ᠪ ᠭᠠᠭᠴᠠ ᠬᠣᠨᠢ ᠲᠠᠢ
ᠰᠡᠭᠦᠲᠡᠷᠯᠡᠨ ᠬᠡᠪᠲᠡᠬᠦ ᠪᠠᠶ᠋ᠢᠰᠢᠩ ᠲᠠᠢ
ᠪᠢ ᠪᠠᠶᠠᠨ ᠬᠥᠮᠦᠨ ᠃
ᠮᠠᠭᠤ ᠰᠠᠶ᠋ᠢᠨ ᠨᠡᠢᠯᠡᠭᠰᠡᠨ ᠭᠤᠷᠪᠠᠨ ᠮᠠᠴᠠᠭ ᠬᠡᠯᠡ ᠲᠡᠢ
ᠮᠠᠭᠤᠬᠠᠢ ᠰᠠᠶ᠋ᠢᠬᠠᠨ ᠨᠡᠢᠯᠡᠭᠰᠡᠨ ᠭᠤᠷᠪᠠᠨ ᠮᠢᠩᠭᠠᠨ ᠨᠠᠶ᠋ᠢᠵᠠ ᠲᠠᠢ
ᠮᠤᠨᠠ ᠭᠠᠲᠠᠰᠤ ᠨᠡᠢᠯᠡᠭᠰᠡᠨ ᠭᠤᠷᠪᠠᠨ ᠵᠡᠪᠰᠡᠭ ᠲᠡᠢ
ᠮᠤᠷᠤᠢ ᠮᠠᠶ᠋ᠢᠵᠢᠬᠢ ᠨᠡᠢᠯᠡᠭᠰᠡᠨ ᠭᠤᠷᠪᠠᠨ ᠭᠤᠲᠤᠯ ᠲᠠᠢ
ᠪᠢ ᠪᠠᠶᠠᠨ ᠬᠥᠮᠦᠨ ᠃
ᠭᠤᠷᠪᠠᠨ ᠲᠠᠩᠬᠠᠢ ᠪᠠᠨᠲᠢ ᠲᠠᠢ
ᠭᠤᠩᠬᠠᠭᠰᠠᠨ ᠲᠠᠷᠭᠤᠨ ᠠᠪᠠᠭᠠᠢ ᠲᠠᠢ
ᠭᠠᠣᠯᠢ ᠪᠦᠷᠢᠭᠰᠡᠨ ᠮᠥᠩᠭᠥᠨ ᠠᠶᠠᠬ᠋᠎ᠠ ᠲᠠᠢ
ᠭᠣᠶᠣᠯᠬ᠋ᠠ ᠭᠣᠶᠣᠲᠠᠭ ᠦᠭᠡᠢ ᠬᠡᠲᠡᠷ ᠵᠠᠩ ᠲᠠᠢ
ᠪᠢ ᠪᠠᠶᠠᠨ ᠬᠥᠮᠦᠨ ᠃
ᠬᠠᠲᠠ ᠴᠢᠯᠠᠭᠤᠨ ᠪ ᠠᠯᠲᠠᠨ ᠮᠧᠲᠡᠯ ᠲᠠᠢ
ᠬᠠᠷ᠎ᠠ ᠠᠵᠢᠯ ᠦ᠋ᠨ ᠮᠥᠩᠭᠥᠨ ᠮᠧᠲᠡᠯ ᠲᠡᠢ
ᠬᠠᠷ᠎ᠠ ᠠᠷᠢᠬᠢᠨ ᠪ ᠬᠦᠷᠡᠯ ᠮᠧᠲᠡᠯ ᠲᠡᠢ
ᠬᠠᠷ᠎ᠠ ᠬᠥᠬᠡ ᠫᠠᠷᠭᠢᠯᠳᠤᠨ ᠬᠦᠬᠡᠷᠬᠦ ᠳᠦ ᠪᠠᠨ
ᠪᠢ ᠪᠠᠶᠠᠨ ᠬᠥᠮᠦᠨ ᠃
ᠬᠡᠯᠲᠡᠷᠡᠵᠦ ᠡᠮᠲᠡᠷᠡᠭᠰᠡᠨ ᠬᠡᠲᠡ ᠬᠢᠲᠤᠬ᠋ᠠ ᠲᠠᠢ
ᠬᠡ ᠨᠢ ᠠᠯᠲᠠᠷᠠᠭᠰᠠᠨ ᠮᠣᠩᠭᠣᠯ ᠭᠤᠲᠤᠯ ᠲᠠᠢ
ᠬᠡᠲᠦᠬᠡᠨ ᠨᠥᠬᠦᠭᠡᠰᠦᠲᠡᠢ ᠲᠣᠷᠭᠠᠨ ᠳᠡᠪᠡᠯ ᠲᠡᠢ
ᠬᠡᠪ ᠨᠢ ᠠᠯᠲᠠᠭᠲᠠᠭᠰᠠᠨ ᠵᠠᠩᠵᠤᠨ ᠮᠠᠯᠠᠭᠠᠢ ᠲᠠᠢ
ᠪᠢ ᠪᠠᠶᠠᠨ ᠬᠥᠮᠦᠨ ᠃
ᠮᠥᠩᠭᠥ ᠨᠠᠮᠠᠶ᠋ᠢ ᠬᠠᠶ᠋ᠢᠬᠤ ᠠ᠋ᠴᠠ ᠪᠢᠰᠢ
ᠮᠥᠩᠭᠥ ᠶ᠋ᠢ ᠪᠢ ᠬᠠᠶ᠋ᠢᠲᠠᠭ ᠦᠭᠡᠢ
ᠮᠥᠩᠬᠡᠲᠡ ᠠᠮᠢᠲᠤᠷᠠᠬᠤ ᠪᠢᠰᠢ ᠳ᠋ᠧ
ᠮᠥᠩᠭᠥ ᠨᠠᠲᠠᠲᠤ ᠬᠡᠷᠡᠭ ᠦᠭᠡᠢ
ᠪᠢ ᠪᠠᠶᠠᠨ ᠬᠥᠮᠦᠨ ᠃
ᠪᠠᠶᠠᠨ ᠪᠠᠶᠠᠨ ᠪᠠᠶᠠᠨ
ᠪᠢᠲᠡ ᠪᠦᠭᠦᠲᠡᠭᠡᠷ ᠶ᠋ᠢᠡᠨ ᠯᠠ ᠪᠠᠶᠠᠨ
ᠰᠡᠤᠠᠬᠢᠯ ᠶ᠋ᠢᠡᠷ ᠶ᠋ᠢᠡᠨ ᠪᠢ ᠪᠠᠶᠠᠨ
ᠰᠡᠬᠡᠭᠡᠲᠡᠨ ᠶ᠋ᠢᠡᠷ ᠶ᠋ᠢᠡᠨ ᠲᠠ ᠨᠠᠷ ᠪᠠᠶᠠᠨ
ᠰᠡᠷᠭᠦᠯᠡᠩ ᠶ᠋ᠢᠡᠷ ᠶ᠋ᠢᠡᠨ ᠬᠡᠦᠬᠡᠳ ᠦ᠋ᠳ ᠪᠠᠶᠠᠨ
ᠰᠡᠩᠲᠡᠭᠡᠨᠡᠳᠡᠭ ᠶ᠋ᠢᠡᠷ ᠶ᠋ᠢᠡᠨ ᠬᠡᠦᠬᠡᠨ ᠨᠤᠭᠦᠳ ᠪᠠᠶᠠᠨ
ᠪᠠᠶᠠᠨ ᠪᠠᠶᠠᠨ ᠪᠠᠶᠠᠨ
ᠬᠥᠷᠥᠰᠥᠨ ᠳᠡᠭᠡᠷ᠎ᠡ ᠪᠡᠨ ᠳᠡᠯᠡᠬᠡᠢ ᠪᠠᠶᠠᠨ
ᠬᠥᠷᠥᠩᠭᠡ ᠶᠡᠬᠡᠲᠡᠢ ᠬᠥᠮᠦᠰ ᠨᠢ ᠪᠠᠶᠠᠨ
ᠳᠤᠤᠯᠢᠮ᠎ᠠ ᠬᠣᠷᠸ᠋᠎ᠠ ᠳᠦ ᠮᠣᠩᠭᠣᠯ ᠪᠠᠶᠠᠨ
ᠳᠠᠭᠤᠤ ᠨᠢ ᠬᠠᠲᠠᠭᠰᠠᠨ ᠤᠷᠠᠯᠢᠬ ᠪᠠᠶᠠᠨ ᠃
ᠦᠰᠦᠭ ᠠᠮᠢᠯᠠᠭᠤᠯᠤᠭᠰᠠᠨ ᠨᠢ : ᠪᠠᠶᠠᠨᠰᠡᠷᠡᠩ
ᠬᠢᠨᠠᠭᠴᠢ ᠪᠠᠭᠰᠢ : ᠪᠠᠶᠠᠷᠴᠡᠴᠡᠭ ᠂ ᠤᠷᠠᠨᠲᠣᠭᠣᠰ ᠂ ᠣᠤᠠᠬᠠᠨᠴᠡᠴᠡᠭ
