ᠬᠥᠯ ᠲᠠᠢ ᠠᠷᠤᠭ – ᠪᠣᠷᠵᠢᠭᠢᠨ ᠰᠠᠢᠨᠪᠠᠶᠠᠷ Хөлтай араг – Боржигон Сайнбаяр ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯ ᠲᠠᠢ ᠠᠷᠤᠭ – ᠪᠣᠷᠵᠢᠭᠢᠨ ᠰᠠᠢᠨᠪᠠᠶᠠᠷ Хөлтай араг – Боржигон Сайнбаяр

ᠬᠥᠯ ᠲᠠᠢ ᠠᠷᠤᠭ – ᠪᠣᠷᠵᠢᠭᠢᠨ ᠰᠠᠢᠨᠪᠠᠶᠠᠷ Хөлтай араг – Боржигон Сайнбаяр

2023-02-28

261

ᠬᠥᠯ ᠲᠠᠢ ᠠᠷᠤᠭ


            ᠪᠣᠷᠵᠢᠭᠢᠨ ᠰᠠᠢᠨᠪᠠᠶᠠᠷ

 ᠡᠵᠢ ᠶᠢᠨ ᠠᠷᠤᠭ ᠢ
 ᠡᠭᠦᠷᠴᠦ ᠦᠵᠡᠯ᠎ᠡ
 ᠠᠷᠠᠢ ᠲᠣᠮᠣᠳᠠᠭᠠᠳ   
 ᠬᠡᠴᠡᠭᠦᠦ ᠪᠠᠢᠯ᠎ᠠ
 
 ᠡᠭᠦᠷᠦᠪᠴᠢ ᠣᠭᠣᠰᠣᠷ ᠢ
 ᠰᠠᠭᠠᠵᠤ ᠣᠶᠣᠭᠠᠳ
 ᠡᠬᠡᠴᠢ ᠨᠠᠮ᠎ᠠ  ᠳᠦ 
 ᠵᠡᠭᠡᠭᠡᠵᠦ ᠥᠭ᠍ᠭᠦᠯ᠎ᠡ

 ᠡᠵᠢ ᠵᠢᠨ ᠲᠡᠭᠦᠳᠡᠭ
 ᠬᠠᠭᠤᠷᠠᠢ ᠠᠷᠭᠠᠯ ᠢ
 ᠡᠭᠦᠷᠦᠭᠡᠳ ᠢᠷᠡᠬᠦ ᠭᠡᠵᠦ
 ᠬᠥᠭᠡᠷᠦᠭᠡᠳ ᠭᠠᠷᠤᠯ᠎ᠠ

 ᠰᠠᠪᠠᠷ ᠲᠤ ᠲᠣᠭᠲᠠᠭᠰᠠᠨ
 ᠬᠡᠭᠡᠷ᠎ᠡ ᠵᠢᠨ ᠠᠷᠭᠠᠯ
 ᠠᠷᠤᠭ ᠲᠤ ᠣᠷᠣᠬᠤ ᠦᠭᠡᠢ
 ᠰᠠᠨᠳᠣᠷᠭᠠᠵᠦ ᠪᠠᠢᠯ᠎ᠠ

 ᠭᠠᠭᠴᠠᠬᠠᠨ ᠠᠷᠭᠠᠯ ᠢ
 ᠠᠪᠴᠥ᠍ ᠶᠠᠳᠠᠭᠠᠳ
 ᠡᠷᠭᠢᠨ ᠤᠷᠪᠠᠨ
 ᠲᠠᠭᠤᠯᠴᠠᠵᠤ ᠪᠠᠢᠯ᠎ᠠ

 ᠬᠠᠭᠠᠰ ᠠᠷᠤᠭ 
 <ᠣᠷᠥᠭ᠎ᠠ> ᠠᠷᠭᠠᠯ ᠵᠢᠨᠨ
 ᠬᠥᠯᠥᠰᠦ ᠠᠰᠭᠠᠷᠠᠭᠣᠯᠣᠨ
 ᠡᠭᠦᠷᠴᠦ ᠠᠪᠴᠢᠷᠠᠯ᠎ᠠ

 ᠬᠦᠯ ᠲᠠᠢ ᠠᠷᠤᠭ
 ᠢᠷᠡᠯ᠎ᠡ ᠡᠵᠢ ᠡ ᠭᠡᠵᠦ
 ᠡᠬᠡᠴᠢ ᠢᠨᠢᠶᠡᠭᠡᠳ
 ᠬᠠᠰᠭᠢᠷᠴᠣ ᠪᠠᠢᠯ᠎ᠠ

 ᠬᠦᠦ ᠮᠢᠨᠢ᠂  ᠭᠣᠯᠣᠣ ᠮᠢᠨᠢ
 ᠣᠣᠯᠭ᠎ᠠ ᠠᠯᠳᠠᠨ
 ᠡᠵᠢ  ᠨᠠᠮᠠᠶ᠋ᠢ
 ᠲᠣᠰᠴᠤ ᠢᠷᠡᠯ᠎ᠡ

                   ᠦᠰᠦᠭ ᠠᠮᠢᠯᠠᠭᠤᠯᠤᠭᠰᠠᠨ ᠨᠢ᠄  ᠰᠤᠪᠤᠳ