ᠤᠨ ᠴᠠᠬ Он цаг
ᠣᠨ ᠴᠠᠭ
ᠤᠨ ᠴᠠᠭ ᠶᠠᠭ ᠯᠠ ᠦᠶᠡᠷ ᠦ᠋ᠨ ᠤᠰᠤᠨ ᠮᠡᠲᠦ
ᠤᠨᠤᠬ᠋᠎ᠠ ᠠᠯᠲᠠᠬ᠋᠎ᠠ ᠬᠤᠶᠠᠷ ᠦ᠋ᠨ ᠮᠢᠨᠢ ᠳᠤᠮᠳᠠᠭᠤᠷ ᠱᠤᠤᠭᠢᠨ ᠤᠷᠤᠰᠬᠤᠢ
ᠰᠢᠷᠢᠩᠬᠢᠳᠦᠵᠦ ᠦᠯᠡᠳᠡᠭᠰᠡᠨ ᠰᠢᠷᠠᠯᠵᠢ ᠬᠠᠮᠬᠤᠤᠯ ᠮᠡᠲᠦ
ᠰᠢᠷᠢᠯᠳᠦᠭᠰᠡᠨ ᠪᠤᠲᠤᠯ ᠶ᠋ᠢᠠᠨ ᠲᠡᠪᠡᠷᠢᠨ ᠬᠣᠶ᠋ᠢᠨ᠎ᠠ ᠨᠢ ᠪᠢ ᠦᠯᠡᠲᠡᠬᠦᠢ ᠁
ᠤᠨ ᠴᠠᠭ ᠶᠠᠭ ᠯᠡ ᠬᠠᠪᠤᠷ ᠦ᠋ᠨ ᠰᠠᠯᠬᠢᠨ ᠮᠡᠲᠦ
ᠤᠷᠠᠩᠬᠠᠢ ᠬᠠᠲᠠᠭ ᠰᠢᠭ᠋ ᠮᠦᠷᠦᠭᠡᠲᠦᠯ ᠊ᠢ ᠮᠢᠨᠢ ᠰᠡᠮᠡᠯᠡᠨ ᠰᠡᠮᠡᠯᠡᠨ ᠢᠰᠬᠡᠷᠬᠦᠢ
ᠥᠭᠢᠷᠡᠭᠰᠡᠨ ᠬᠤᠤᠵᠤᠯᠠ ᠮᠡᠲᠦ ᠭᠤᠤᠨᠢ ᠭᠠᠭᠴᠠᠭᠠᠷ ᠶ᠋ᠢᠠᠨ
ᠡᠪᠦᠭᠡᠷᠡᠭᠰᠡᠨ ᠲᠤᠷᠠᠤᠠᠬᠠᠯ ᠶ᠋ᠢᠠᠨ ᠬᠡᠮᠡᠯᠢᠨ ᠡᠨᠲᠡ ᠪᠡᠨ ᠪᠢ ᠵᠤᠭᠰᠤᠬᠤᠢ ᠁
ᠤᠨ ᠴᠠᠭ ᠶᠠᠭ ᠯᠠ ᠠᠭᠠᠲᠠᠷ ᠦ᠋ᠨ ᠪᠤᠷᠤᠭᠠᠨ ᠮᠡᠲᠦ
ᠤᠭᠤᠷᠴᠠᠭ ᠬᠠᠲᠠ ᠰᠢᠭ᠋ ᠪᠡᠶ᠎ᠡ ᠶ᠋ᠢ ᠮᠢᠨᠢ ᠲᠤᠪᠰᠢᠯᠡᠨ ᠦᠡᠬ᠋ᠭᠡᠷᠡᠬᠦᠢ
ᠰᠡᠤᠠᠬᠢᠯ ᠳᠦ ᠱᠠᠬᠢᠬᠤ ᠲᠤᠷᠠᠤᠠᠬᠠᠯ ᠳ᠋ᠠᠭᠠᠨ ᠰᠢᠨᠠᠯᠤᠨ ᠪᠠᠶᠠᠰᠤᠨ
ᠰᠢᠲᠥ ᠦᠭᠡᠢ ᠪᠦᠢᠯᠡ ᠪᠡᠨ ᠤᠮᠤᠯᠵᠠᠭᠤᠯᠤᠨ ᠵᠠᠯᠠᠭᠤ ᠨᠠᠰᠤ ᠪᠡᠨ ᠦᠭᠡᠶ᠋ᠢᠯᠡᠬᠦᠢ ᠁
2008.3.10
ᠦᠰᠦᠭ ᠠᠮᠢᠯᠠᠭᠤᠯᠤᠭᠴᠢ — ᠨᠠᠪᠴᠢ
ᠬᠢᠨᠠᠭᠴᠢ — ᠪᠠᠯᠵᠢ
