ᠬᠣᠷᠢᠭᠠᠳ ᠨᠠᠰᠤᠨ ᠳ᠋ᠠᠭᠠᠨ ᠬᠣᠷᠭᠣᠳᠠᠬᠤᠢ - ᠭ ᠂ ᠴᠢᠩᠪᠠᠭᠠᠲᠤᠷ Хориод насандаа хоргодохуй - Г ᠂ Чинбаатар гэр мялаах ерөөл
ᠬᠣᠷᠢᠭᠠᠳ ᠨᠠᠰᠤᠨ ᠳ᠋ᠠᠭᠠᠨ ᠬᠣᠷᠭᠣᠳᠠᠬᠤᠢ
ᠰᠠᠶᠢᠬᠠᠨ ᠳᠡᠷᠭᠡᠳᠡ ᠠᠭᠰᠠᠨ ᠬᠣᠷᠢᠭᠠᠳ ᠨᠠᠰᠤ ᠮᠢᠨᠢ
ᠰᠠᠯᠬᠢᠨ ᠳ᠋ᠤ᠌ ᠬᠡᠶ᠋ᠢᠰᠦᠭᠰᠡᠨ ᠮᠡᠲᠦ ᠠᠯᠠᠭ᠎ᠠ ᠁
ᠰᠠᠨᠠᠭ᠎ᠠ ᠠᠯᠳᠠᠬᠤ ᠶ᠋ᠢᠨ ᠵᠠᠭᠤᠷᠠᠬᠠᠨ ᠳ᠋ᠤ᠌ ᠭᠤᠴᠢᠳᠤᠭᠠᠷ ᠨᠠᠮᠤᠷ ᠦ᠋ᠨ ᠪᠣᠷᠣᠭᠠᠨ
ᠰᠠᠨᠴᠢᠬ ᠦ᠋ᠨ ᠦᠰᠦ ᠶ᠋ᠢ ᠤᠬᠢᠶᠠᠬᠤ ᠮᠡᠲᠦ ᠥᠯᠥᠩᠬᠡᠷᠲᠦᠨ ᠱᠠᠪᠰᠢᠨ᠎ᠠ
ᠭᠦᠵᠡᠭᠡᠨ ᠪ ᠦᠰᠦ ᠰᠢᠭ᠌ ᠣᠯᠠᠨ ᠮᠡᠲᠦ ᠰᠠᠨᠠᠭᠳᠠᠵᠤ ᠠᠭᠰᠠᠨ ᠡᠳᠦᠷ ᠬᠣᠨᠣᠭ ᠦ᠋ᠳ
ᠬᠦᠰᠡᠨ ᠳᠤᠷᠠᠯᠠᠬᠤ ᠳ᠋ᠤ᠌ ᠵᠢᠷᠭᠠᠯ ᠮᠡᠲᠦ ᠪᠣᠳᠣᠭᠳᠠᠵᠤ ᠠᠭᠰᠠᠨ ᠰᠠᠶ᠋ᠢᠬᠠᠨ ᠥᠬᠢᠳ
ᠬᠠᠮᠬᠤᠤᠯ ᠮᠡᠲᠦ ᠬᠡᠶ᠋ᠢᠰᠦᠨ ᠣᠳᠬᠤ ᠬᠣᠷᠢᠭᠠᠳ ᠨᠠᠰᠤ ᠶ᠋ᠢ ᠮᠢᠨᠢ
ᠬᠠᠵᠠᠭᠤ ᠳ᠋ᠤ᠌ ᠦᠯᠡᠳᠡᠭᠡᠨ ᠥᠪᠡᠷ ᠡᠴᠡ ᠮᠢᠨᠢ ᠠᠷᠭᠠᠮᠵᠢᠵᠤ ᠴᠢᠳᠠᠭᠰᠠᠨ ᠥᠬᠡᠢ ᠁
ᠬᠡᠨ ᠨᠢᠭᠡ ᠬᠥᠮᠦᠨ ᠳ᠋ᠦ᠍ ᠬᠠᠶ᠋ᠢᠷᠠᠲᠠᠢ ᠭᠡᠵᠦ ᠬᠡᠯᠡᠮᠡᠷ ᠴᠦ᠍ ᠰᠢᠭ᠌
ᠬᠡᠷᠰᠡᠦ ᠰᠠᠭᠤᠬᠤ ᠠ᠋ᠴᠠ ᠪᠠᠨ ᠡᠮᠦᠨ᠎ᠡ ᠡᠨᠳᠡᠵᠦ ᠪᠦᠳᠦᠷᠢᠵᠦ ᠦᠵᠡᠮᠡᠷ ᠴᠦ᠍ ᠰᠢᠭ᠌
ᠭᠠᠯ ᠦ᠋ᠨ ᠵᠠᠬ᠎ᠠ ᠳ᠋ᠤ᠌ ᠪᠣᠳᠣᠯ ᠳ᠋ᠠᠭᠠᠨ ᠳᠠᠷᠤᠭᠳᠠᠨ ᠰᠠᠭᠤᠮᠠᠷ ᠴᠤ᠌ ᠰᠢᠭ᠋
ᠭᠠᠪ ᠭᠠᠭᠴᠠᠭᠠᠷ ᠶ᠋ᠢᠠᠨ ᠪᠣᠷᠣᠭᠠᠨ ᠳᠤᠮᠳᠠᠭᠤᠷ ᠠᠯᠬᠤᠮᠠᠷ ᠴᠤ᠌ ᠰᠢᠭ᠋
ᠣᠷᠴᠢᠯᠠᠩ ᠊ᠢ ᠨᠡᠩᠵᠢᠵᠦ ᠬᠣᠷᠢᠭᠠᠳ ᠨᠠᠰᠤ ᠪᠠᠨ ᠡᠷᠢᠮᠡᠷ ᠴᠦ᠍ ᠰᠢᠭ᠌
ᠣᠳᠣᠨ ᠪ ᠭᠡᠭᠡᠨ ᠳ᠋ᠦ᠍ ᠬᠣᠯᠠ ᠨᠤᠲᠤᠭ ᠠ᠋ᠴᠠ ᠠᠳᠤᠭᠤ ᠲᠠᠭᠤᠮᠠᠷ ᠴᠤ᠌ ᠰᠢᠭ᠋
ᠭᠡᠪᠡᠴᠦ
ᠭᠡᠨᠡᠨ ᠨᠠᠰᠤ ᠮᠢᠨᠢ ᠭᠡᠭᠡᠭᠳᠡᠭᠰᠡᠨ ᠮᠡᠲᠦ ᠠᠯᠠᠭ᠎ᠠ ᠁
ᠵᠠᠭᠠᠨ ᠪ ᠬᠦᠵᠦᠭᠦᠦ ᠰᠢᠭ᠌ ᠪᠣᠭᠣᠨᠢᠬᠠᠨ ᠵᠠᠯᠠᠭᠤ ᠨᠠᠰᠤ ᠪᠠᠨ
ᠵᠠᠮ ᠳᠡᠭᠡᠷ᠎ᠡ ᠬᠠᠶᠠᠬᠤ ᠶᠠᠰᠤ ᠮᠡᠲᠦ ᠬᠡᠭᠡᠭᠡ ᠥᠬᠡᠢ ᠰᠠᠨ ᠪᠢ
ᠬᠠᠭᠠᠨ ᠪ ᠵᠢᠷᠭᠠᠯ ᠰᠢᠭ᠋ ᠠᠯᠳᠠᠩᠬᠠᠨ ᠬᠣᠷᠢᠭᠠᠳ ᠨᠠᠰᠤ ᠪᠠᠨ
ᠬᠠᠮᠢᠭ᠎ᠠ ᠠ᠋ᠴᠠ ᠬᠠᠶ᠋ᠢᠯᠠ ᠴᠤ᠌ ᠳᠠᠬᠢᠵᠤ ᠨᠠᠳᠠ ᠳ᠋ᠤ᠌ ᠣᠯᠳᠠᠬᠤ ᠥᠬᠡᠢ ᠰᠠᠨ
ᠥᠰᠦᠭ ᠠᠮᠢᠯᠠᠭᠤᠯᠤᠭᠴᠢ — ᠿᠦᠩ ᠰᠢ
ᠬᠢᠨᠠᠭᠴᠢ — ᠪᠠᠯᠵᠢ
