ᠴᠣᠢᠨᠣᠮ ᠴᠢᠨᠦ ᠰᠢᠯᠦᠭ – ᠳ ᠂ ᠪᠢᠯᠢᠭᠲᠦ Чойном чиний шүлэг – Д ᠂ Билигт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠣᠢᠨᠣᠮ ᠴᠢᠨᠦ ᠰᠢᠯᠦᠭ – ᠳ ᠂ ᠪᠢᠯᠢᠭᠲᠦ Чойном чиний шүлэг – Д ᠂ Билигт

ᠴᠣᠢᠨᠣᠮ ᠴᠢᠨᠦ ᠰᠢᠯᠦᠭ – ᠳ ᠂ ᠪᠢᠯᠢᠭᠲᠦ Чойном чиний шүлэг – Д ᠂ Билигт

2023-02-27

330

ᠴᠣᠶ᠋ᠢᠨᠤᠮ ᠴᠢᠨᠦ ᠰᠢᠯᠦᠭ


       ᠳ ᠂  ᠪᠢᠯᠢᠭᠲᠦ

 ᠬᠠᠩᠬᠠᠯ  ᠮᠣᠷᠢᠨ ᠪ ᠮᠤᠨᠲᠠᠭᠠᠨ ᠳᠡᠭᠡᠭᠦᠷ
 ᠴᠢᠨᠦ ᠰᠢᠯᠦᠭ ᠰᠠᠯᠬᠢ ᠪᠠᠶ᠋ᠢᠬᠰᠠᠨ
 ᠬᠠᠷᠠᠴᠤ ᠠᠷᠠᠳ ᠦ᠋ᠨ ᠰᠡᠤᠠᠬᠢᠯ  ᠳᠦ
 ᠴᠢᠨᠦ ᠰᠢᠯᠦᠭ ᠨᠠᠷᠠ ᠪᠠᠶ᠋ᠢᠬᠰᠠᠨ
 ᠬᠠᠯᠬ᠎ᠠ ᠱᠣᠷᠣᠩ ᠦ᠋ᠨ ᠬᠦᠢᠲᠡᠨ ᠮᠤᠬᠤᠷ ᠲᠦ
 ᠴᠢᠨᠦ ᠰᠢᠯᠦᠭ ᠭᠠᠯ ᠪᠠᠶ᠋ᠢᠬᠰᠠᠨ
 ᠬᠠᠶ᠋ᠢᠷ᠎ᠠ ᠬᠣᠷᠣᠰᠤᠯ ᠦ᠋ᠨ ᠬᠢᠯᠢ  ᠳᠦ
 ᠴᠢᠨᠦ ᠰᠢᠯᠦᠭ ᠭᠡᠷᠡᠴᠢ ᠪᠠᠶ᠋ᠢᠬᠰᠠᠨ
 ᠦᠭᠡᠨ  ᠳᠦ ᠣᠷᠣᠭᠠᠲᠤᠢ ᠬᠡᠦᠬᠡᠳ ᠲᠤ
 ᠴᠢᠨᠦ ᠰᠢᠯᠦᠭ ᠰᠦ᠋ ᠪᠠᠶ᠋ᠢᠬᠰᠠᠨ
 ᠦᠭᠦᠯᠡᠪᠦᠷᠢ ᠨᠡᠶ᠋ᠢᠴᠡᠬᠦ ᠦᠭᠡᠢ ᠵᠣᠬᠢᠶᠠᠯᠴᠢ  ᠳᠦ
 ᠴᠢᠨᠦ ᠰᠢᠯᠦᠭ ᠪᠠᠭᠰᠢ ᠪᠠᠶ᠋ᠢᠬᠰᠠᠨ
 ᠦᠨᠡᠨ ᠶ᠋ᠢᠡᠨ ᠣᠯᠬᠤ ᠦᠭᠡᠢ ᠲᠡᠨᠦᠭᠦᠯᠴᠢ  ᠳᠦ
 ᠴᠢᠨᠦ ᠰᠢᠯᠦᠭ ᠵᠠᠮ ᠪᠠᠶ᠋ᠢᠬᠰᠠᠨ
 ᠥᠨᠥᠴᠢᠷᠡᠵᠦ  ᠭᠠᠭᠴᠠᠭᠠᠷᠲᠠᠬᠤ ᠶ᠋ᠢᠨ ᠵᠣᠪᠠᠯᠠᠩ  ᠳᠦ
 ᠴᠢᠨᠦ ᠰᠢᠯᠦᠭ ᠬᠠᠨᠢ ᠪᠠᠶ᠋ᠢᠬᠰᠠᠨ
 ᠴᠢᠨᠦ ᠰᠢᠯᠦᠭ ᠊ᠢ ᠤᠩᠰᠢᠬᠰᠠᠨ ᠬᠦᠮᠤᠨ ᠪ
 ᠨᠢᠲᠦ ᠨᠡᠭᠡᠭᠡᠭᠳᠡᠨ᠎ᠡ
 ᠴᠢᠨᠦ ᠰᠢᠯᠦᠭ ᠊ᠢ ᠰᠣᠨᠣᠰᠬᠤ ᠦᠭᠡᠢ ᠪᠣᠯ 
 ᠪᠢᠯᠢᠭ᠌ ᠬᠣᠭᠣᠰᠣᠷᠠᠨ᠎ᠠ
 ᠴᠢᠨᠦ ᠲᠤᠬᠠᠢ ᠰᠢᠯᠦᠭ ᠪᠢᠴᠢᠬᠦ  ᠳᠦ
 ᠬᠡᠯᠡ ᠮᠢᠨᠢ ᠬᠤᠷᠴᠠᠰᠤᠨ᠎ᠡ
 ᠴᠢᠨᠦ ᠰᠢᠯᠦᠭ ᠦ᠋ᠨ ᠳᠡᠭᠡᠵᠢ ᠦᠭᠡᠢ ᠪᠣᠯ
 ᠭᠡᠷ ᠡᠵᠡᠭᠦᠶ᠋ᠢᠷᠡᠨ᠎ᠡ
 ᠴᠢᠨᠦ ᠲᠤᠬᠠᠢ ᠰᠢᠯᠦᠭ ᠪᠢᠴᠢᠬᠦ  ᠳᠦ
 ᠬᠡᠯᠡ ᠮᠢᠨᠢ ᠬᠤᠷᠴᠠᠰᠤᠨ᠎ᠠ

           ᠦᠰᠦᠭ ᠠᠮᠢᠯᠠᠭᠤᠯᠤᠭᠴᠢ  ᠄ ᠳ ᠂ ᠣᠶᠤᠨᠪᠢᠯᠢᠭ᠌
                ᠬᠢᠨᠠᠭᠴᠢ ᠄ ᠣᠤᠠᠬᠠᠨᠰᠣ ᠎ᠡ   ᠪᠠᠭᠰᠢ