ᠠᠮᠢᠳᠤᠷᠠᠯ ᠶᠠᠮᠠᠷ ᠰᠠᠢᠬᠠᠨ ᠶᠤᠮ ᠪᠤᠢ -ᠤ ᠭᠠᠩᠰᠤᠪᠤᠳAmidral yamar saikhan yum be - Gansuvd Гансувд- Амьдрал ямар сайхан юм бэ
ᠠᠮᠢᠳᠤᠷᠠᠯ ᠶᠠᠮᠠᠷ ᠰᠠᠶ᠋ᠢᠬᠠᠨ ᠶᠤᠮ ᠪᠤᠢ
ᠦᠭᠡ ᠄ ᠮ ·
ᠴᠡᠷᠡᠩᠳᠤᠭᠳᠠᠬᠤ
ᠠᠶ᠎ᠠ ᠄ ᠬ ·
ᠠᠮᠤᠭᠤᠯᠠᠩ
— ᠤ ·
ᠭᠠᠩᠰᠤᠪᠤᠳ ᠳᠠᠭᠤᠯᠠᠨ᠎ᠠ
ᠲᠠᠯ᠎ᠠ ᠪᠠᠷ ᠨᠠᠶ᠋ᠢᠭᠤᠬᠤ ᠴᠡᠴᠡᠭᠡᠰ ᠢ
ᠰᠡᠳᠬᠢᠯ ᠳᠠᠭᠠᠭᠠᠳ ᠤᠷᠭᠤᠬᠤ ᠶᠤᠮ
ᠲᠠᠩᠬᠢᠯ ᠬᠥᠭᠡᠷᠦᠬᠦᠨ ᠦᠷᠡᠰ ᠦᠨ ᠢᠶ᠋ᠡᠨ
ᠰᠠᠶ᠋ᠢᠬᠠᠨ ᠢᠷᠡᠭᠡᠳᠦᠢ ᠶ᠋ᠢ ᠵᠥᠩᠨᠡᠬᠦ ᠶᠤᠮ
ᠠᠷᠭᠠᠳᠠᠨ ᠠᠷᠭᠠᠳᠠᠨ ᠳᠠᠭᠤᠯᠠᠮᠠᠷ
ᠠᠶᠠᠯᠭᠤ ᠶᠠᠮᠠᠷ ᠨᠠᠨᠳᠢᠨ ᠶᠤᠮ ᠪᠤᠢ
ᠠᠵᠠ ᠵᠢᠷᠭᠠᠯ ᠢᠶ᠋ᠠᠷ ᠳᠠᠩᠳᠠ ᠥᠷᠲᠡᠭᠡᠯᠡᠭᠡᠳ
ᠠᠮᠢᠳᠤᠷᠠᠯ ᠶᠠᠮᠠᠷ ᠰᠠᠶ᠋ᠢᠬᠠᠨ ᠶᠤᠮ ᠪᠤᠢ ᠁
ᠡᠩᠬᠦᠷᠡᠢ ᠬᠠᠶ᠋ᠢᠷ᠎ᠠ ᠶ᠋ᠢᠨ ᠤᠨᠲᠤᠷᠤᠬ᠋ᠠ
ᠡᠬᠡ ᠶ᠋ᠢᠨ ᠰᠦ᠋ ᠰᠢᠭ᠌ ᠢᠪᠢᠯᠬᠦ ᠶᠤᠮ
ᠡᠯᠢᠭᠡ ᠪᠦᠲᠦᠨ ᠵᠢᠷᠭᠠᠯ ᠤᠨ
ᠡᠭᠡᠰᠢᠭ ᠡᠷᠭᠦᠮᠡᠷ ᠪᠣᠯᠬᠤ ᠶᠤᠮ
ᠳᠠᠬᠢᠯᠲᠠ
ᠬᠦᠰᠡᠯ ᠦᠨ ᠴᠡᠩᠬᠡᠷ ᠢᠷᠭᠤᠢ
ᠢᠲᠡᠭᠡᠯ ᠦᠨ ᠬᠠᠪᠤᠷ ᠢᠶ᠋ᠠᠷ ᠨᠢᠳᠦᠯᠡᠬᠦ ᠶᠤᠮ
ᠬᠤᠷ᠎ᠠ ᠶ᠋ᠢᠨ ᠲᠤᠩᠭᠠᠯᠠᠭ ᠰᠣᠯᠣᠩᠭ᠎ᠠ ᠨᠤᠭᠤᠳ ᠨᠢ
ᠬᠠᠶ᠋ᠢᠷ᠎ᠠ ᠶ᠋ᠢᠨ ᠴᠡᠴᠡᠷᠯᠢᠭ ᠴᠢᠮᠡᠬᠦ ᠶᠤᠮ
ᠳᠠᠬᠢᠯᠲᠠ
