ᠬᠠᠪᠤᠷ ‍ᠤᠨ ᠨᠠᠢᠷᠰᠠᠭ- ᠫ ᠵᠢᠮᠢᠰХаврын найрсаг-п · жимс ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ ‍ᠤᠨ ᠨᠠᠢᠷᠰᠠᠭ- ᠫ ᠵᠢᠮᠢᠰХаврын найрсаг-п · жимс

ᠬᠠᠪᠤᠷ ‍ᠤᠨ ᠨᠠᠢᠷᠰᠠᠭ- ᠫ ᠵᠢᠮᠢᠰХаврын найрсаг-п · жимс

ᠠᠩᠭᠢᠯᠠᠯ:ᠳᠠᠭᠤᠤ ᠬᠥᠭᠵᠢᠮ
2023-02-26

393

ᠬᠠᠪᠤᠷ ‍ᠤᠨ ᠨᠠᠢᠷᠰᠠᠭ

    ᠦᠭᠡ ᠄ ᠵ · ᠱᠠᠭᠳᠠᠷ
   
ᠠᠶ᠎ᠠ ᠄ ᠬ · ᠰᠡᠷᠭᠦᠯᠡᠩ
   
ᠳᠠᠭᠤᠴᠢᠨ ᠄ ᠫ · ᠵᠢᠮᠢᠰ
ᠠᠷᠭᠠᠯᠢ ‍ᠶ᠋ᠢᠨ ᠤᠳᠤᠮᠲᠤ ᠬᠣᠨᠢᠨ ᠰᠦᠷᠦᠭ ᠮᠠᠨᠢ
ᠠᠯᠠᠭᠯᠠᠩᠬᠠᠨ ᠰᠤᠪᠤᠳᠷᠠᠩᠬᠠᠨ ᠥᠰᠴᠦ ᠪᠠᠶ᠋ᠢᠨ᠎ᠠ
ᠬᠠᠯᠵᠠᠨ ᠴᠠᠭᠠᠬᠠᠨ ᠬᠤᠷᠠᠭ᠎ᠠ ᠎ᠨᠤᠭᠤᠳ ᠨᠢ ᠬᠦ᠋
ᠬᠠᠰᠢᠶ᠎ᠠ ᠳᠦᠭᠦᠷᠡᠩ ᠲᠣᠭᠯᠠᠩᠬᠠᠨ ᠪᠠᠶ᠋ᠢᠨ᠎ᠠ ᠡ

ᠠᠢ ᠬᠦ᠋ ᠵᠧ ᠬᠦ᠋
ᠠᠢ ᠲᠦᠮᠡᠨ ᠰᠦᠷᠦᠭ ‍ᠢᠶ᠋ᠡᠨ
ᠦᠢ ᠲᠦᠮᠡ ᠎ᠪᠡᠷ ᠦᠰᠭᠡᠭᠰᠨ
ᠮᠠᠯᠴᠢᠨ ᠲᠦᠮᠡᠨ ‍ᠦ ᠮᠢᠨᠢ ᠠᠯᠳᠠᠷᠠᠢ
ᠮᠠᠯᠴᠢᠨ ᠲᠦᠮᠡᠨ ‍ᠦ ᠮᠢᠨᠢ ᠠᠯᠳᠠᠷᠠᠢ

ᠶᠠᠩᠭᠢᠷ ‍ᠤᠨ ᠤᠳᠤᠮᠲᠤ ᠢᠮᠠᠭᠠᠨ ᠰᠦᠷᠦᠭ ᠮᠠᠨᠢ
ᠢᠬᠢᠷᠡᠯᠡᠩᠬᠡᠨ ᠢᠵᠢᠯᠢᠲᠦᠩᠭᠡᠨ ᠥᠰᠴᠦ ᠪᠠᠶ᠋ᠢᠨ᠎ᠠ
ᠢᠷᠭᠤᠢ ᠴᠡᠩᠬᠡᠷ ᠢᠰᠢᠭᠡ ᠎ᠨᠤᠭᠦᠳ ᠨᠢ ᠬᠦ᠋
ᠢᠮᠠᠭᠠᠨ ᠬᠠᠳᠠᠨ ‍ᠳᠤ ᠎ᠪᠠᠨ ᠳᠡᠭᠦᠯᠢᠩᠬᠡᠨ ᠪᠠᠶ᠋ᠢᠨ᠎ᠠ ᠡ
     
ᠳᠠᠬᠢᠯᠲᠠ
(
ᠨᠠᠷᠠᠨ ᠪ ᠳᠠᠯᠠᠯᠬ᠋᠎ᠠ ᠲᠠᠢ ᠭᠠᠵᠠᠷ ᠳᠡᠭᠡᠷᠡᠬᠢ ᠬᠡᠲᠦᠨ ᠮᠠᠯ ᠭᠡᠵᠦ ᠂

ᠨᠠᠮᠤᠷ  ᠤᠨ ᠳᠤᠮᠳᠠ ᠰᠠᠷ᠎ᠠ ᠶ᠋ᠢᠨ ᠠᠷᠪᠠᠨ ᠲᠠᠪᠤᠨ ᠪ ᠲᠩᠷᠢ ᠠᠵᠢᠬᠯᠠᠭᠰᠠᠨ ᠂

ᠴᠠᠭ ᠴᠠᠭ  ᠤᠨ ᠦᠶᠡᠷ  ᠲᠤ ᠠᠯᠲᠠᠵᠤ ᠡᠪᠲᠡᠷᠡᠯ ᠦᠭᠡᠢ ᠂

ᠴᠠᠲᠢᠬ ᠲᠡᠦᠬᠡ ᠤᠯᠪᠠᠷᠢᠵᠤ ᠡᠪᠦᠭᠡᠳ  ᠤᠨ ᠶ᠋ᠢᠡᠨ ᠨᠤᠲᠤᠭ  ᠲᠤ ᠡᠵᠡᠨ ᠰᠠᠭᠤᠭᠰᠠᠨ ᠂

ᠰᠢᠭᠰᠢᠭ ᠳᠠᠯᠠᠯᠤᠭᠰᠠᠨ ᠲᠣᠭᠣᠨᠣᠨ  ᠳᠤ ᠪᠠᠨ ᠤᠲᠤᠬ᠋᠎ᠠ ᠰᠠᠭᠤᠭᠰᠠᠨ ᠬᠠᠲᠠᠭ ᠲᠠᠢ ᠂

ᠰᠢᠷᠢᠮᠡᠯ ᠲᠣᠭᠣᠷᠢᠭᠤᠯᠬ᠋᠎ᠠ ᠳᠡᠭᠡᠷ᠎ᠡ ᠪᠡᠨ ᠠᠲᠢᠰ  ᠤᠨ ᠳᠥᠷᠪᠡᠨ ᠪᠡᠷᠬᠡ ᠲᠡᠢ ᠂

ᠳᠠᠪᠬᠢᠭᠠᠳ ᠪᠠᠭᠤᠬᠤ  ᠳᠤ ᠴᠣᠣᠵᠢ ᠦᠭᠡᠢ ᠠᠶ᠋ᠢᠯ ᠮᠠᠯᠴᠢᠨ ᠲᠠᠨ ᠪ ᠬᠢ ᠂

ᠳᠠᠶᠠᠩ  ᠳᠤ ᠭᠠᠭᠴᠠᠬᠠᠨ ᠴᠠᠭᠠᠷᠭᠤ ᠦᠭᠡᠢ ᠰᠡᠤᠠᠬᠢᠯ ᠮᠠᠯᠴᠢᠨ ᠲᠠᠨ ᠪ ᠬᠢ )
      
ᠳᠠᠬᠢᠯᠲᠠ
ᠳᠠᠬᠢ ᠶ᠋ᠢᠨ ᠤᠲᠤᠮᠲᠤ ᠠᠲᠤᠭᠤᠨ ᠰᠦᠷᠦᠭ᠋ ᠮᠠᠨᠢ
ᠲᠠᠯ᠎ᠠ ᠳᠦᠭᠦᠷᠡᠩ ᠲᠠᠷᠬᠠᠩᠬᠠᠨ ᠪᠡᠯᠴᠢᠵᠦ ᠪᠠᠶ᠋ᠢᠨ᠎ᠠ
ᠪᠣᠰᠤᠬ᠋᠎ᠠ ᠲᠥᠷᠥᠬ᠋ᠰᠡᠨ ᠤᠨᠠᠬ᠋᠎ᠠ ᠨᠤᠭᠤᠳ ᠨᠢ ᠬᠦ᠋
ᠪᠣᠷᠪᠢ ᠲᠡᠨᠢᠢᠨ ᠬᠤᠷᠲᠤᠯᠠᠩᠬᠠᠨ ᠪᠠᠶ᠋ᠢᠨ᠎ᠠ
     
ᠳᠠᠬᠢᠯᠲᠠ
ᠬᠠᠪᠲᠠᠭᠠᠢ ‍ᠶ᠋ᠢᠨ ᠤᠳᠤᠮᠲᠤ ᠲᠡᠮᠡᠭᠡᠨ ᠰᠦᠷᠦᠭ ᠮᠠᠨᠢ
ᠬᠠᠩᠭᠠᠢ ᠭᠣᠪᠢ ‍ᠳᠤ ᠎ᠪᠠᠨ ᠬᠦᠷᠡᠩᠳᠡᠩᠬᠡᠨ ᠪᠡᠯᠴᠢᠵᠦ ᠪᠠᠶ᠋ᠢᠨ᠎ᠠ
ᠪᠣᠷᠣᠬᠠᠨ ᠬᠥᠭᠡᠷᠦᠬᠦᠨ ᠪᠣᠲᠣᠭᠣ ᠎ᠨᠤᠭᠤᠳ ᠨᠢ ᠬᠦ᠋
ᠪᠦᠷᠢᠲᠦ ᠶ᠋ᠢᠨ ᠳᠤᠮᠳᠠ ᠎ᠪᠠᠨ ᠪᠤᠶ᠋ᠢᠯᠠᠯᠳᠤᠨ ᠪᠠᠶ᠋ᠢᠨ᠎ᠠ ᠡ
    
ᠳᠠᠬᠢᠯᠲᠠ
ᠲᠣᠭᠣᠷ᠎ᠠ ‍ᠶ᠋ᠢᠨ ᠤᠳᠤᠮᠲᠤ ᠦᠬᠡᠷ ᠰᠦᠷᠦᠭ ᠮᠠᠨᠢ
ᠲᠤᠬᠠᠲᠠᠶ᠋ᠢᠬᠠᠨ ᠨᠠᠯᠠᠶ᠋ᠢᠭᠠᠳ ᠪᠡᠯᠴᠢᠵᠦ ᠪᠠᠶ᠋ᠢᠨ᠎ᠠ
ᠢᠵᠢᠯᠢ ᠬᠥᠭᠡᠷᠦᠬᠦᠨ ᠲᠤᠭᠤᠯ ᠨᠤᠭᠤᠳ ᠨᠢ ᠬᠦ᠋
ᠡᠵᠢ ᠎ᠲᠡᠢ ᠎ᠪᠡᠨ ᠨᠠᠭᠠᠳᠤᠩᠬᠠᠨ ᠪᠠᠶ᠋ᠢᠨ᠎ᠠ ᠡ
     
ᠳᠠᠬᠢᠯᠲᠠ