ᠮᠣᠩᠭᠣᠯ ᠪᠦᠰᠡᠭᠦᠢ ᠶᠢᠨ ᠭᠠᠢᠬᠠᠮᠰᠢᠭ- ᠪᠠᠳᠤᠰᠦ᠋ᠬᠡ᠂ ᠳᠡᠯᠭᠡᠷᠮᠥ᠋ᠷᠡᠨМонгол бүсгүйн гайхамшиг-батсүх, дэлгэрмрэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠪᠦᠰᠡᠭᠦᠢ ᠶᠢᠨ ᠭᠠᠢᠬᠠᠮᠰᠢᠭ- ᠪᠠᠳᠤᠰᠦ᠋ᠬᠡ᠂ ᠳᠡᠯᠭᠡᠷᠮᠥ᠋ᠷᠡᠨМонгол бүсгүйн гайхамшиг-батсүх, дэлгэрмрэн

ᠮᠣᠩᠭᠣᠯ ᠪᠦᠰᠡᠭᠦᠢ ᠶᠢᠨ ᠭᠠᠢᠬᠠᠮᠰᠢᠭ- ᠪᠠᠳᠤᠰᠦ᠋ᠬᠡ᠂ ᠳᠡᠯᠭᠡᠷᠮᠥ᠋ᠷᠡᠨМонгол бүсгүйн гайхамшиг-батсүх, дэлгэрмрэн

ᠠᠩᠭᠢᠯᠠᠯ:ᠳᠠᠭᠤᠤ ᠬᠥᠭᠵᠢᠮ
2023-02-26

567

ᠮᠣᠩᠭᠣᠯ ᠪᠦᠰᠡᠭᠦᠢ ᠶᠢᠨ ᠭᠠᠢᠬᠠᠮᠰᠢᠭ

ᠦᠭᠡ᠄ ᠱ᠂ ᠪᠠᠳᠢᠷᠴᠢ
ᠠᠶ᠎ᠠ᠄ ᠳ᠂ ᠽᠸᠩᠷᠠᠪᠳᠠᠨ
ᠳᠠᠭᠤᠴᠢᠨ᠄ ᠪᠠᠳᠤᠰᠦ᠋ᠬᠡ᠂ ᠳᠡᠯᠭᠡᠷᠮᠥ᠋ᠷᠡᠨ
ᠬᠠᠷᠠᠬᠠᠨ ᠨᠢᠳᠦ ᠴᠢᠨᠢ ᠨᠠᠷᠠᠨ ᠤ ᠭᠡᠷᠡᠯ ᠎ᠡᠴᠡ ᠬᠠᠮᠢᠭ᠎ᠠ ᠨᠢ ᠦᠭᠡᠷ᠎ᠡ ᠪᠤᠢ
ᠬᠠᠢᠷ᠎ᠠ ᠎ᠶ᠋ᠢᠨ ᠳᠠᠭᠤᠤ ᠴᠢᠨᠢ ᠭᠤᠷᠭᠤᠤᠯᠳᠠᠢ ᠎ᠡᠴᠡ ᠶᠠᠭᠤᠨ ᠤ ᠦᠭᠡᠷ᠎ᠡ ᠪᠤᠢ
ᠬᠠᠢᠯᠠᠨ ᠠᠯᠠᠭ ᠴᠡᠭᠡᠵᠢᠨ ᠎ᠳᠦ᠍ ᠬᠠᠨᠢᠷᠠᠭᠠᠳ ᠬᠠᠨᠢᠰᠠᠭᠠᠳ ᠪᠠᠷᠠᠮ᠎ᠠ ᠦᠭᠡᠢ
ᠬᠠᠲᠤᠨ ᠵᠢᠷᠦᠬᠡᠨ ᠤ ᠠᠯᠲᠠᠷᠠᠢ ᠬᠠᠯᠬ᠎ᠠ ᠎ᠶ᠋ᠢᠨ ᠰᠤᠤᠲᠤ ᠭᠠᠢᠬᠠᠮᠰᠢᠭ
ᠢᠨᠢᠶᠡᠮᠰᠦᠭᠯᠡᠯ ᠴᠢᠨᠢ ᠵᠤᠯᠠ ᠎ᠶ᠋ᠢᠨ ᠭᠡᠷᠡᠯ ᠎ᠡᠴᠡ ᠬᠠᠮᠢᠭ᠎ᠠ ᠨᠢ ᠦᠭᠡᠷ᠎ᠡ ᠪᠤᠢ
ᠡᠩᠬᠦᠷᠡᠢ ᠬᠠᠢᠷ᠎ᠠ ᠴᠢᠨᠢ ᠡᠭᠡ ᠎ᠶ᠋ᠢᠨ ᠎ᠮᠢᠨᠢ ᠰᠡᠳᠭᠢᠯ ᠎ᠡᠴᠡ ᠶᠠᠭᠤᠨ ᠤ ᠦᠭᠡᠷ᠎ᠡ ᠪᠤᠢ
ᠰᠠᠷᠠᠨᠠᠢ ᠴᠡᠴᠡᠭ  ᠤᠨ ᠭᠤᠩᠬᠠᠬᠤ ᠎ᠶ᠋ᠢ ᠎ᠨᠢ ᠰᠠᠭᠠᠳᠠᠭᠠᠳ ᠰᠠᠭᠠᠳᠠᠭᠠᠳ ᠪᠠᠷᠠᠮ᠎ᠠ ᠦᠭᠡᠢ
ᠰᠠᠢᠬᠠᠨ ᠮᠣᠩᠭᠣᠯ ᠪᠦᠰᠡᠭᠦᠢ ᠰᠠᠷᠠᠨ ᠤ ᠳᠤᠤᠷ᠎ᠠ ᠭᠠᠢᠬᠠᠮᠰᠢᠭ
ᠠᠭᠠᠰᠢᠨ ᠤ ᠰᠠᠢᠬᠠᠨ ᠵᠢᠷᠦᠬᠡᠨ ᠤ ᠬᠠᠢᠷ᠎ᠠ ᠎ᠡᠴᠡ ᠬᠠᠮᠢᠭ᠎ᠠ ᠨᠢ ᠦᠭᠡᠷ᠎ᠡ ᠪᠤᠢ
ᠠᠪᠢᠶᠠᠰ ᠡᠷᠳᠡᠮ ᠎ᠨᠢ ᠠᠷᠪᠠᠨ ᠬᠤᠷᠤᠭᠤ ᠲᠡᠭᠰᠢ ᠎ᠡᠴᠡ ᠦᠭᠡᠷ᠎ᠡ ᠴᠤ᠌ ᠦᠭᠡᠢ ᠶᠧ
ᠦᠢᠯᠡᠨ ᠎ᠳ᠋ᠤ᠌ ᠤᠷᠠᠨ  ᠢᠶᠠᠨ ᠭᠠᠢᠬᠠᠭᠤᠯᠬᠤ ᠎ᠶ᠋ᠢ ᠎ᠨᠢ ᠦᠵᠡᠭᠡᠳ ᠦᠵᠡᠭᠡᠳ ᠬᠠᠨᠤᠮ᠎ᠠ ᠦᠭᠡᠢ
ᠦᠨᠡᠨ ᠵᠢᠷᠦᠬᠡᠨ ᠤ ᠠᠯᠳᠠᠷᠠᠢ ᠦᠯᠡᠮᠵᠢ ᠎ᠶ᠋ᠢᠨ ᠰᠤᠤᠲᠤ ᠭᠠᠢᠬᠠᠮᠰᠢᠭ
ᠰᠠᠷᠠᠭᠤᠯ ᠤᠬᠠᠭᠠᠨ ᠴᠢᠨᠢ ᠰᠠᠷᠠᠨ ᠤ ᠭᠡᠷᠡᠯ ᠎ᠡᠴᠡ ᠬᠠᠮᠢᠭ᠎ᠠ ᠨᠢ ᠦᠭᠡᠷ᠎ᠡ ᠪᠤᠢ
ᠰᠠᠨᠠᠭᠰᠠᠨ ᠰᠠᠨᠠᠭ᠎ᠠ ᠰᠠᠭᠠᠭᠰᠠᠨ ᠰᠦᠨ ᠎ᠡᠴᠡ ᠶᠠᠭᠤᠨ ᠤ ᠦᠭᠡᠷ᠎ᠡ ᠪᠤᠢ
ᠨᠠᠨᠳᠢᠨ ᠰᠠᠢᠬᠠᠨ ᠴᠢᠨᠠᠷ ᠎ᠢ᠋ ᠎ᠨᠢ ᠮᠠᠭᠲᠠᠭᠠᠳ ᠮᠠᠭᠲᠠᠭᠠᠳ ᠪᠠᠷᠠᠮ᠎ᠠ ᠦᠭᠡᠢ
ᠨᠠᠮᠪᠠᠯᠢᠭ ᠮᠣᠩᠭᠣᠯ ᠪᠦᠰᠡᠭᠦᠢ ᠨᠠᠷᠠᠨ ᠤ ᠳᠤᠤᠷ᠎ᠠ ᠭᠠᠢᠬᠠᠮᠰᠢᠭ
ᠨᠠᠨᠳᠢᠨ ᠰᠠᠢᠬᠠᠨ ᠴᠢᠨᠠᠷ ᠎ᠢ᠋ ᠎ᠨᠢ ᠮᠠᠭᠲᠠᠭᠠᠳ ᠮᠠᠭᠲᠠᠭᠠᠳ ᠪᠠᠷᠠᠮ᠎ᠠ ᠦᠭᠡᠢ

ᠨᠠᠮᠪᠠᠯᠢᠭ ᠮᠣᠩᠭᠣᠯ ᠪᠦᠰᠡᠭᠦᠢ ᠨᠠᠷᠠᠨ ᠤ ᠳᠤᠤᠷ᠎ᠠ ᠭᠠᠢᠬᠠᠮᠰᠢᠭ
ᠨᠠᠷᠠᠨ ᠤ ᠳᠤᠤᠷ᠎ᠠ ᠭᠠᠢᠬᠠᠮᠰᠢᠭ