ᠵᠤᠭᠠᠴᠠᠷ᠎ᠠ ᠮᠤᠷᠲᠠᠭᠰᠠᠨ ᠨᠢ - ᠴ ᠂ ᠳᠠᠮᠳᠢᠨᠰᠦ᠋ᠷᠦᠩ Зугаацар мордсон нь - Ч᠂ Дамдинсүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠤᠭᠠᠴᠠᠷ᠎ᠠ ᠮᠤᠷᠲᠠᠭᠰᠠᠨ ᠨᠢ - ᠴ ᠂ ᠳᠠᠮᠳᠢᠨᠰᠦ᠋ᠷᠦᠩ Зугаацар мордсон нь - Ч᠂ Дамдинсүрэн

ᠵᠤᠭᠠᠴᠠᠷ᠎ᠠ ᠮᠤᠷᠲᠠᠭᠰᠠᠨ ᠨᠢ - ᠴ ᠂ ᠳᠠᠮᠳᠢᠨᠰᠦ᠋ᠷᠦᠩ Зугаацар мордсон нь - Ч᠂ Дамдинсүрэн

2023-02-27

743

ᠨᠢᠭᠡ ᠂ ᠵᠤᠭᠠᠴᠠᠷ᠎ᠠ ᠮᠤᠷᠲᠠᠭᠰᠠᠨ ᠨᠢ


                  ᠴ  ᠳᠠᠮᠳᠢᠨᠰᠦ᠋ᠷᠦᠩ

     ᠨᠢᠭᠡ᠂  ᠵᠤᠭᠠᠴᠠᠷ᠎ᠠ ᠮᠣᠷᠳᠠᠨᠰᠠᠨ ᠨᠢ
 ᠭᠠᠩᠭᠠᠷ ᠭᠣᠩᠭᠣᠷ ᠲᠤᠤᠭᠠᠷᠤᠭᠰᠠᠭᠠᠷ
 ᠭᠠᠯᠠᠭᠤ ᠰᠢᠪᠠᠭᠤ ᠨᠢᠰᠦᠯ᠎ᠡ ᠃
 ᠭᠠᠩ ᠬᠠᠯᠠᠭᠤᠨ ᠡᠴᠡ ᠵᠠᠶ᠋ᠢᠯᠠᠵᠤ
 ᠰᠡᠷᠢᠭᠦᠨ ᠠᠭᠤᠯᠠ ᠶ᠋ᠢ ᠵᠣᠷᠢᠵᠠᠢ ᠂
 ᠭᠠᠵᠠᠷ ᠦ᠋ᠨ ᠬᠤᠯᠠ ᠡᠴᠡ ᠭᠠᠷᠴᠤ
 ᠤᠰᠤᠨ ᠪ ᠤᠷᠲᠤ ᠵᠢ ᠵᠠᠮᠨᠠᠭᠰᠠᠨ
 ᠭᠠᠯᠠᠭᠤ ᠰᠢᠪᠠᠭᠤ ᠶ᠋ᠢ ᠬᠠᠷᠠᠭᠰᠠᠭᠠᠷ
 ᠨᠢᠬᠡ ᠶᠠᠭᠤᠮ᠎ᠠ ᠪᠤᠲᠤᠭᠲᠠᠯ᠎ᠠ ᠃
 ᠵᠤᠨ ᠪ ᠲᠤᠯᠠᠭᠠᠨ ᠴᠠᠭ ᠲᠤ
 ᠬᠤᠲᠠ  ᠳᠦ ᠳᠠᠩᠴᠤ ᠪᠥᠭᠴᠢᠮ
 ᠵᠤᠩᠭᠠᠭ ᠬᠦᠯᠦᠰᠦ ᠪᠠᠨ ᠠᠷᠴᠢᠵᠤ
 ᠯᠠᠭᠯᠠᠶ᠋ᠢᠨ ᠰᠠᠭᠤᠬᠤ ᠪᠤᠷᠤᠭᠤ ᠃
 ᠵᠤᠰᠠᠯᠠᠩ ᠭᠠᠵᠠᠷ ᠭᠠᠷᠴᠤ
 ᠰᠠᠯᠬᠢᠨ  ᠳᠦ ᠶᠠᠪᠤᠵᠤ ᠰᠡᠷᠢᠭᠦᠴᠡᠶ᠎ᠡ
 ᠵᠤᠬ᠋᠎ᠠ ᠴᠡᠩᠭᠡᠯ ᠬᠢᠵᠦ
 ᠬᠦᠲᠡᠭᠡ ᠭᠠᠲᠠᠬ᠋᠎ᠠ ᠶᠠᠪᠤᠶ᠎ᠠ ᠭᠡᠵᠦ
 ᠬᠦᠯᠦᠭ ᠰᠠᠶ᠋ᠢᠬᠠᠨ ᠮᠤᠷᠢ ᠪᠠᠨ
 ᠪᠠᠷᠢᠵᠤ ᠠᠪᠤᠭᠠᠳ ᠣᠨᠣᠯ᠎ᠠ ᠂
 ᠬᠡᠦᠬᠡᠨ ᠬᠤᠩᠭᠤᠷ ᠲᠡᠬᠦᠨ ᠎ ᠊ᠢ ᠪᠠᠨ
 ᠲᠠᠭᠠᠭᠤᠯᠵᠤ ᠠᠪᠤᠭᠠᠳ ᠭᠠᠷᠤᠯ᠎ᠠ ᠃
 ᠬᠦᠦᠷᠨᠢᠨ ᠡᠯᠲᠡᠪ ᠊ᠢ ᠶᠠᠷᠢᠵᠤ
 ᠭᠠᠵᠠᠷ ᠤᠰᠤ ᠶ᠋ᠢ ᠰᠤᠨᠢᠷᠬᠠᠭᠰᠠᠭᠠᠷ
 ᠬᠦᠰᠡᠨ ᠵᠤᠷᠢᠬᠰᠠᠨ  ᠭᠠᠵᠠᠷ ᠶ᠋ᠢᠠᠨ
 ᠬᠦᠷᠦᠯᠴᠡᠨ ᠢᠷᠡᠵᠦ ᠪᠠᠭᠤᠯ᠎ᠠ ᠃
 ᠮᠠᠷᠭᠠᠰᠢ ᠥᠷᠯᠥᠭᠡ ᠡᠷᠲᠡ 
 ᠨᠠᠷᠠ ᠭᠠᠷᠴᠤ ᠪᠠᠶ᠋ᠢᠬᠤ  ᠳᠦ
 ᠮᠠᠰᠢ ᠦᠨᠲᠦᠷ ᠠᠭᠤᠯᠠ ᠶ᠋ᠢᠨ
 ᠮᠦᠷᠦᠨ ᠲᠡᠬᠡᠷ᠎ᠡ ᠨᠢ ᠭᠠᠷᠤᠭᠠᠳ
 ᠮᠠᠨᠲᠤᠬᠤ ᠪᠠᠶ᠋ᠢᠭᠠᠯᠢ ᠶ᠋ᠢᠨ ᠦᠩᠬᠡ ᠵᠢ
 ᠬᠠᠷᠠᠨ ᠬᠠᠷᠠᠨ ᠰᠤᠨᠢᠷᠬᠠᠵᠤ
 ᠮᠠᠭᠲᠠᠵᠤ ᠪᠢᠴᠢᠭᠰᠡᠨ ᠰᠢᠯᠦᠭ ᠶ᠋ᠢᠡᠨ
 ᠲᠠ ᠪᠦᠬᠦᠨ ᠳᠦ ᠲᠣᠯᠢᠯᠠᠭᠤᠯᠤᠶ᠎ᠠ ᠃
 ᠴᠠᠪ ᠴᠠᠭᠠᠨ ᠡᠭᠦᠯᠡ
 ᠬᠦᠬᠡ ᠲᠩᠷᠢ ᠎ ᠳᠦ ᠬᠥᠪᠬᠡᠯᠵᠡᠨ᠎ᠡ ᠃
 ᠴᠠᠰᠤᠲᠤ ᠴᠠᠭᠠᠨ ᠠᠭᠤᠯᠠ
 ᠲᠡᠭᠦᠨ ᠪ ᠳᠣᠲᠣᠷ᠎ᠠ ᠰᠦᠨᠲᠡᠷᠯᠡᠨ᠎ᠡ ᠃
 ᠴᠠᠯᠬᠢᠬᠤ ᠪᠤᠯᠠᠭ ᠦ᠋ᠨ ᠤᠰᠤ
 ᠠᠭᠤᠯᠠ ᠶ᠋ᠢᠨ ᠬᠤᠷᠮᠤᠢ  ᠳᠦ ᠰᠦᠷᠴᠢᠭᠢᠨᠡᠨ᠎ᠡ ᠃
 ᠴᠠᠭᠠᠨ ᠬᠦᠬᠡ ᠴᠡᠴᠡᠭ ᠦ᠋ᠳ
 ᠠᠯᠲᠠᠨ ᠲᠡᠯᠡᠬᠡᠢ ᠵᠢ ᠪᠦᠷᠬᠦᠨ᠎ᠡ ᠃
 ᠡᠭᠦᠯᠡ ᠠᠭᠤᠯᠠ ᠰᠦᠨᠲᠡᠷᠯᠡᠨ
 ᠤᠰᠤ ᠤᠷᠭᠤᠮᠠᠯ  ᠵᠢᠭᠳᠡᠷᠡᠨ
 ᠦᠵᠡᠰᠬᠦᠯᠡᠩ ᠦ᠋ᠨ ᠤᠬᠢ ᠪᠤᠯᠵᠤ
 ᠪᠠᠶᠠᠰᠬᠤᠯᠠᠩ ᠦ᠋ᠨ ᠴᠤᠭ  ᠨᠡᠭᠡᠭᠡᠭᠳᠡᠵᠦ
 ᠦᠨᠡᠬᠡᠷ ᠰᠦᠷ ᠵᠢᠪᠬᠤᠯᠠᠩ
 ᠭᠤᠸ᠋᠎ᠠ ᠭᠠᠶ᠋ᠢᠬᠠᠮᠰᠢᠬ ᠪᠦᠷᠢᠤᠠᠴᠠᠢ ᠃
 ᠦᠨᠡᠨ ᠬᠠᠶ᠋ᠢᠷᠠᠲᠠᠢ ᠨᠦᠬᠦᠷ ᠮᠢᠨᠢ
 ᠲᠠᠪᠠᠲᠠᠢ ᠰᠠᠭᠤᠵᠤ ᠬᠠᠷᠠᠭᠠᠷᠠᠢ ᠃

       ᠬᠤᠶᠠᠷ᠂  ᠡᠭᠦᠯᠡ
 ᠬᠦᠬᠡ ᠮᠦᠩᠭᠦᠨ ᠲᠩᠷᠢ ᠵᠢᠨ 
 ᠠᠷᠢᠭᠤᠨ ᠬᠦᠷᠢᠶᠡᠯᠡᠩ ᠦ᠋ᠨ ᠲᠤᠮᠲᠠ
 ᠬᠦᠪᠦᠩ ᠴᠠᠭᠠᠨ ᠡᠬᠦᠯᠡ
 ᠮᠦᠩᠬᠦᠨ ᠴᠠᠭᠠᠨ ᠡᠭᠦᠯᠡ
 ᠬᠦᠬᠡ ᠤᠭᠲᠠᠷᠭᠤᠢ ᠶ᠋ᠢᠨ ᠮᠠᠨᠲᠠᠯ ᠎ ᠳᠦ
 ᠴᠢᠮᠡᠭ ᠪᠤᠯᠤᠨ ᠬᠦᠪᠰᠦᠶ᠋ᠢᠵᠦ
 ᠬᠦᠬᠡ ᠠᠭᠠᠷ ᠦ᠋ᠨ ᠲᠦᠪ ᠲᠤ
 ᠴᠡᠴᠡᠭ ᠪᠤᠯᠤᠨ ᠮᠠᠨᠲᠤᠵᠤ ᠪᠠᠶ᠋ᠢᠨ᠎ᠠ ᠃
 ᠴᠠᠪ ᠴᠠᠭᠠᠨ ᠡᠬᠦᠯᠡ
 ᠬᠠᠰ ᠴᠠᠭᠠᠨ ᠡᠬᠦᠯᠡ
 ᠴᠠᠰᠢ ᠨᠠᠰᠢ ᠲᠠᠪᠬᠤᠴᠠᠵᠤ
 ᠰᠦᠯᠵᠢᠨ ᠤᠷᠢᠶᠠᠨ ᠲᠤᠭᠲᠠᠭᠠᠳ
 ᠴᠠᠭᠠᠲᠤᠬᠢ ᠬᠦᠬᠡ ᠤᠭᠲᠠᠷᠭᠤᠢ ᠎ ᠳᠦ
 ᠴᠠᠰᠤᠨ ᠤᠭᠠᠯᠵᠠ ᠪᠤᠯᠵᠤ
 ᠴᠠᠭᠠᠨ ᠯᠤᠤ ᠬᠡ ᠲᠡᠢ
 ᠬᠦᠬᠡ  ᠲᠣᠷᠬ᠋᠎ᠠ ᠲᠠᠢ ᠠᠲᠠᠯᠢ ᠃
 ᠡᠷᠪᠡᠬᠡᠷ ᠴᠠᠭᠠᠨ ᠡᠬᠦᠯᠡ
 ᠡᠷᠲᠡᠨᠢ ᠶ᠋ᠢᠨ ᠴᠠᠭᠠᠨ ᠡᠬᠦᠯᠡ
 ᠡᠨᠡ ᠡᠬᠦᠯᠡ ᠡᠪᠬᠡᠷᠡᠨ
 ᠲᠡᠷᠡ ᠡᠬᠦᠯᠡ ᠲᠠᠢ ᠲᠠᠪᠬᠤᠴᠠᠭᠠᠳ
 ᠡᠯᠲᠡᠪ ᠵᠦᠢᠯ ᠦ᠋ᠨ ᠶᠠᠭᠤᠮᠠᠨ ᠪ
 ᠲᠦᠷᠰᠦ ᠪᠤᠯᠤᠨ  ᠰᠦᠭᠯᠡᠢᠭᠡᠳ
 ᠡᠷᠭᠢᠴᠡᠭᠦᠯᠵᠦ ᠰᠠᠶ᠋ᠢᠬᠠᠨ ᠬᠠᠷᠠᠪᠠᠯ
 ᠠᠮᠢᠲᠤ ᠠᠮᠢᠲᠠᠨ ᠲᠠᠢ ᠠᠲᠠᠯᠢ ᠃
 ᠠᠮᠠᠷᠠᠭ ᠬᠦᠭᠡᠷᠦᠬᠦᠨ ᠪᠦᠰᠡᠭᠦᠢ ᠮᠢᠨᠢ
 ᠠᠵᠢᠬᠯᠨ ᠲᠡᠷᠡ ᠡᠭᠦᠯᠡᠰ ᠎ ᠊ᠢ
 ᠠᠷᠰᠯᠠᠨ ᠪᠠᠷᠰ ᠬᠤᠶᠠᠷ
 ᠨᠤᠴᠤᠯᠲᠤᠵᠤ ᠪᠠᠶ᠋ᠢᠬ᠋᠎ᠠ ᠴᠤ᠌ ᠶᠤᠮ ᠰᠢᠭ᠋
 ᠠᠴᠢᠶ᠎ᠠ ᠲᠠᠢ ᠴᠠᠭᠠᠨ ᠲᠡᠮᠡᠬᠡ
 ᠬᠡᠪᠲᠡᠵᠦ ᠪᠠᠶ᠋ᠢᠬ᠋᠎ᠠ ᠴᠤ᠌ ᠶᠤᠮ  ᠰᠢᠭ᠋
 ᠠᠷᠤᠭ  ᠡᠭᠦᠷᠦᠭᠰᠡᠨ ᠡᠬᠡᠨᠠᠷ
 ᠪᠦᠵᠢᠭᠯᠡᠵᠦ ᠪᠠᠶ᠋ᠢᠬ᠋᠎ᠠ ᠴᠤ᠌ ᠶᠤᠮ ᠰᠢᠬ ᠃
 ᠬᠤᠪᠢᠯᠭᠠᠨ ᠴᠠᠭᠠᠨ ᠡᠬᠦᠯᠡ
 ᠬᠤᠷᠮᠤᠰᠲᠠ ᠵᠢᠨ ᠴᠠᠭᠠᠨ ᠡᠬᠦᠯᠡ
 ᠬᠠᠭᠤᠷᠮᠠᠭ ᠦᠩᠬᠡ ᠭᠠᠷᠭᠠᠵᠤ
 ᠭᠡᠭᠡᠨ ᠨᠠᠷᠠᠨ  ᠳᠦ ᠭᠢᠯᠪᠠᠯᠵᠠᠨ
 ᠬᠠᠭᠤᠷᠠᠢ ᠶᠠᠩᠵᠤ ᠭᠠᠷᠭᠠᠵᠤ
 ᠠᠭᠤᠯᠠ ᠮᠡᠲᠦ ᠪᠡᠷ ᠰᠦᠮᠪᠦᠷᠯᠡᠪᠡᠴᠦ
 ᠬᠤᠷᠤᠮᠬᠠᠨ ᠵᠠᠭᠤᠷ᠎ᠠ ᠬᠤᠪᠢᠯᠵᠤ
 ᠬᠤᠷ᠎ᠠ ᠶ᠋ᠢᠨ ᠤᠰᠤ ᠪᠣᠯᠤᠨ᠎ᠠ ᠃
 ᠬᠤᠩᠭᠤᠷ ᠬᠠᠶ᠋ᠢᠷᠠᠲᠠᠢ ᠬᠦᠦ ᠮᠢᠨᠢ
 ᠴᠤᠪᠠ ᠶᠤᠭᠠᠨ ᠠᠪᠤᠭᠰᠠᠨ ‍ᠦᠦ
 ᠬᠤᠶ᠋ᠢᠮᠤᠷ ᠪᠠᠶ᠋ᠢᠬ᠋᠎ᠠ ᠡᠭᠦᠯᠡᠨ ᠪ
 ᠬᠣᠷᠮᠣᠢ ᠪᠡᠶ᠎ᠡ  ᠨᠢ ᠪᠠᠷᠠᠭᠠᠯᠠᠵᠤ
 ᠬᠤᠯᠠ ᠵᠢᠨ ᠦᠨᠲᠦᠷ ᠠᠭᠤᠯᠠᠨ  ᠳᠦ
 ᠪᠤᠷᠤᠭᠠᠨ ᠤᠷᠤᠵᠤ ᠡᠬᠢᠯᠡᠯ᠎ᠡ ᠃
 ᠬᠤᠶᠠᠷ ᠂ ᠨᠢᠬᠡ ᠴᠠᠭ ᠪᠤᠯᠤᠭᠠᠳ
 ᠡᠭᠦᠪᠡᠷ ᠤᠷᠤᠬᠤ ᠴᠤ᠌ ᠪᠤᠯᠵᠤᠰᠢ ᠦᠬᠡᠢ ᠃


        ᠭᠤᠷᠪᠠ ᠂ ᠠᠭᠤᠯᠠ
 ᠴᠠᠭᠠᠨ ᠡᠭᠦᠯᠡᠨ ᠪ ᠲᠤᠮᠲᠠ
 ᠴᠠᠰᠤᠲᠤ ᠠᠭᠤᠯᠠ ᠰᠦᠮᠪᠦᠷᠯᠡᠵᠦ
 ᠴᠠᠩᠭᠠᠮ᠎ᠠ ᠵᠤᠨ ᠪ ᠬᠠᠯᠠᠭᠤᠨ  ᠳᠦ
 ᠴᠠᠰᠤᠨ ᠬᠦᠷᠮ᠎ᠡ ᠡᠮᠦᠰᠦᠭᠰᠡᠨ
 ᠴᠠᠪᠴᠢᠮ᠎ᠠ ᠴᠠᠬᠢᠷ ᠬᠠᠲᠠᠨ ᠡᠴᠡ
 ᠬᠦᠢᠲᠡᠨ ᠪᠤᠯᠠᠭ ᠤᠷᠤᠰᠤᠭᠰᠠᠨ
 ᠴᠠᠷᠲᠠᠮᠠᠯ ᠮᠦᠩᠭᠦᠨ ᠦᠩᠭᠡᠲᠦ
 ᠭᠠᠨᠲᠢᠬ ᠴᠢᠯᠠᠭᠤᠨ ᠠᠭᠤᠯᠠ ᠪᠠᠶ᠋ᠢᠨ᠎ᠠ ᠃
 ᠵᠤᠨ ᠪ ᠲᠤᠯᠠᠭᠠᠨ ᠴᠠᠭ ᠲᠤ
 ᠡᠪᠦᠯ ᠦ᠋ᠨ ᠰᠢᠨᠵᠢ ᠶ᠋ᠢ ᠬᠠᠲᠠᠭᠠᠯᠠᠭᠰᠠᠨ
 ᠵᠠᠭᠤᠷᠠᠮ᠎ᠠ ᠪᠠᠯᠴᠢᠬ ᠬᠠᠯᠠᠭᠤᠨ  ᠳᠦ
 ᠰᠡᠷᠢᠭᠦᠨ ᠰᠠᠯᠬᠢ ᠶ᠋ᠢ  ᠰᠡᠩᠭᠢᠨᠡᠭᠦᠯᠦᠭᠰᠡᠨ
 ᠵᠤᠭᠠᠯᠠᠬᠤ ᠪᠠᠶᠠᠷᠯᠠᠬᠤ ᠠᠷᠠᠳ ᠦ᠋ᠨ
 ᠰᠠᠨᠠᠬ᠋᠎ᠠ ᠵᠤᠷᠢᠬ  ᠊ᠢ ᠰᠡᠷᠭᠦᠭᠡᠭᠰᠡᠨ
 ᠵᠠᠭᠤᠨ ᠪᠠᠷ᠎ᠠ ᠶ᠋ᠢᠨ ᠭᠠᠵᠠᠷ ᠡᠴᠡ 
 ᠭᠢᠯᠠᠯᠵᠠᠨ ᠬᠠᠷᠠᠭᠲᠠᠬᠤ ᠠᠭᠤᠯᠠ ᠪᠠᠶ᠋ᠢᠨ᠎ᠠ ᠃
 ᠮᠦᠩᠭᠦᠨ ᠲᠡᠬᠡᠲᠦ ᠤᠷᠤᠢ ᠨᠢ
 ᠮᠦᠰᠦ ᠴᠠᠰᠤᠨ  ᠳᠦ ᠬᠤᠴᠢᠮᠠᠯ
 ᠮᠥᠩᠬᠡ ᠬᠦᠬᠡ  ᠲᠩᠷᠢ ᠶ᠋ᠢᠨ
 ᠮᠦᠩᠭᠦᠨ ᠴᠠᠭᠠᠨ ᠪᠠᠭᠠᠨ᠎ᠠ
 ᠮᠦᠴᠢᠲᠦ ᠲᠦᠷᠪᠡᠨ ᠬᠦᠯᠲᠡᠨ ᠪ
 ᠮᠦᠷ ᠨᠢ ᠭᠠᠷᠤᠬ᠋᠎ᠠ ᠦᠭᠡᠢ ᠤᠷᠬᠢᠯ
 ᠮᠦᠭᠡᠷᠡᠰᠦ ᠨᠢᠮᠬᠡᠨ ᠬᠤᠭᠤᠯᠠᠶ᠋ᠢᠲᠠᠨ ᠪ
 ᠲᠠᠭᠤ ᠨᠢ ᠬᠦᠷᠦᠬᠡ ᠦᠬᠡᠢ ᠤᠷᠬᠢᠯ
 ᠮᠦᠷᠡᠨ ᠭᠤᠤᠯ ᠭᠤᠷᠤᠬ᠎ᠡ  ᠨᠤᠭᠤᠳ
 ᠠᠮᠠ ᠪᠦᠷᠢ ᠡᠴᠡ ᠨᠢ ᠠᠰᠬᠠᠷᠠᠭᠰᠠᠨ
 ᠮᠦᠨᠲᠦᠷᠲᠦ ᠬᠤᠷ᠎ᠠ ᠪᠤᠷᠤᠬ᠋᠎ᠠ
 ᠡᠲᠦᠷ ᠪᠦᠷᠢ ᠴᠢᠤᠠᠬᠤᠭᠰᠠᠨ
 ᠮᠦᠯᠲᠦ ᠮᠦᠴᠢᠳ ᠬᠠᠷᠠᠪᠠᠯ
 ᠡᠬᠦᠯᠡ ᠬᠡᠮᠡᠷ ᠠᠭᠤᠯᠠ ᠪᠠᠶ᠋ᠢᠨ᠎ᠠ ᠃
 ᠮᠦᠰᠭᠢᠵᠦ ᠰᠠᠶ᠋ᠢᠬᠠᠨ ᠬᠠᠷᠠᠪᠠᠯ
 ᠡᠭᠦᠯᠡᠨ ᠡᠴᠡ ᠦᠨᠲᠦᠷ ᠠᠭᠤᠯᠠ ᠪᠠᠶ᠋ᠢᠨ᠎ᠠ ᠃
 ᠡᠯᠢᠭᠡᠨ ᠶᠡᠬᠡ ᠬᠠᠲᠠᠨ ᠳ᠋ᠤᠨᠢ
 ᠪᠦᠷᠭᠦᠳ ᠰᠢᠪᠠᠭᠤ ᠬᠠᠯᠢᠬᠰᠠᠨ
 ᠡᠷᠬᠢ ᠵᠢᠯᠠᠬ᠋᠎ᠠ ᠪᠦᠭᠦᠲᠡ ᠳ᠋ᠤᠨᠢ
 ᠠᠷᠢᠶᠠᠲᠠᠨ ᠭᠦᠷᠦᠭᠡᠰᠦ ᠰᠢᠪᠡᠭᠡᠯᠡᠭᠰᠡᠨ
 ᠡᠶᠡᠯᠳᠡᠭ ᠠᠭᠤᠵᠢᠮ ᠲᠤᠬᠤᠢ ᠳ᠋ᠤᠨᠢ
 ᠠᠶ᠋ᠢᠯ ᠮᠠᠯ ᠶ᠋ᠢᠠᠷ ᠲᠦᠭᠦᠷᠦᠭᠰᠡᠨ
 ᠡᠯᠲᠡᠪ ᠵᠢᠮᠢᠰ ᠦ᠋ᠨ ᠮᠤᠲᠤ ᠪᠡᠷ
 ᠡᠬᠡᠯ ᠪᠡᠶ᠎ᠡ ᠨᠢ ᠬᠤᠴᠢᠬᠲᠠᠭᠰᠠᠨ
 ᠡᠩ ᠦᠭᠡᠢ ᠶᠡᠬᠡ ᠪᠠᠷᠲᠠᠬ᠋᠎ᠠ ᠲᠠᠢ
 ᠰᠦᠷ ᠲᠠᠢ ᠰᠠᠶ᠋ᠢᠬᠠᠨ ᠠᠭᠤᠯᠠ ᠪᠠᠶ᠋ᠢᠨ᠎ᠠ ᠃
 ᠡᠷᠭᠢᠨ ᠲᠤᠭᠤᠷᠢᠨ ᠶᠠᠪᠤᠬᠤ  ᠳᠦ
 ᠰᠡᠤᠠᠭᠢᠯ ᠊ᠢ ᠪᠠᠶᠠᠰᠬᠠᠬᠤ ᠬᠠᠩᠭᠠᠢ ᠪᠠᠶ᠋ᠢᠨ᠎ᠠ ᠃
 ᠡᠷᠲᠡᠨ ᠪ ᠡᠪᠦᠭᠡᠳ ᠦ᠋ᠨ ᠦᠶ᠎ᠡ  ᠳᠦ
 ᠮᠦᠷᠭᠦᠵᠦ  ᠪᠢᠰᠢᠷᠡᠭᠰᠡᠨ ᠬᠠᠶ᠋ᠢᠷᠬᠠᠨ ᠪᠠᠶ᠋ᠢᠨ᠎ᠠ ᠃
 ᠡᠨᠡ ᠪᠢᠲᠡᠨ ᠪ ᠦᠶ᠎ᠡ  ᠳᠦ
 ᠰᠢᠨᠵᠢᠵᠦ ᠦᠵᠡᠬᠦ ᠨᠢᠷᠤᠭᠤ ᠪᠠᠶ᠋ᠢᠨ᠎ᠠ ᠃

         ᠲᠦᠷᠪᠡ ᠂ ᠤᠰᠤ
 ᠦᠨᠲᠦᠷ ᠠᠭᠤᠯᠠ ᠶ᠋ᠢᠨ ᠤᠷᠭᠢᠯ  ᠳᠦ
 ᠡᠬᠦᠯᠡ ᠮᠠᠨᠠᠨ ᠲᠤᠨᠤᠷᠠᠨ᠎ᠠ ᠃
 ᠦᠨᠲᠦᠷ ᠲᠡᠭᠦᠨ ᠪ ᠬᠠᠪᠴᠢᠯ ᠠ᠋ᠴᠠ
 ᠲᠦᠷᠭᠡᠨ ᠮᠦᠷᠡᠨ  ᠤᠷᠤᠰᠤᠨ᠎ᠠ ᠃
 ᠦᠨᠦ ᠪᠢᠲᠡᠨ ᠊ᠢ ᠬᠠᠷᠠᠬᠤ  ᠳᠦ
 ᠡᠬᠦᠯᠡ ᠮᠠᠨᠠᠨ ᠴᠠᠰᠤ ᠮᠦᠰᠦ
 ᠦᠩᠭᠡᠨ ᠎ ᠳᠦ ᠢᠯᠭᠠᠪᠦᠷᠢ ᠤᠯᠠᠨ ᠴᠦ᠍
 ᠴᠢᠨᠠᠷ ᠲᠠᠭᠠᠨ ᠭᠠᠭᠴᠠᠬᠠᠨ ᠤᠰᠤ
 ᠬᠠᠷᠠᠭᠰᠠᠭᠠᠷ   ᠪᠠᠶ᠋ᠢᠲᠠᠯ᠎ᠡ ᠬᠤᠪᠢᠯᠬᠤ
 ᠲᠤᠩᠭᠠᠯᠠᠭ ᠬᠠᠷ᠎ᠠ ᠤᠰᠤ ᠃
 ᠬᠠᠮᠤᠬ ᠠᠮᠢᠲᠠᠨ ᠊ᠢ ᠤᠮᠲᠠᠯᠠᠬᠤ
 ᠷᠠᠰᠢᠶᠠᠨ ᠪᠤᠯᠤᠭᠰᠠᠨ ᠤᠰᠤ ᠃
 ᠬᠠᠯᠠᠭᠤᠨ ᠵᠤᠨ ᠪ ᠴᠠᠭ ᠲᠦ
 ᠰᠡᠷᠢᠭᠦᠴᠡᠭᠦᠯᠵᠦ ᠥᠭᠳᠡᠭ ᠤᠰᠤ ᠃
 ᠬᠠᠯᠲᠠᠭᠰᠠᠨ ᠪᠤᠷᠲᠠᠭ ᠬᠬᠢᠷ ᠊ᠢ
 ᠠᠷᠢᠯᠭᠠᠵᠤ ᠥᠭᠳᠡᠭ ᠤᠰᠤ ᠃
 ᠤᠰᠤ ᠰᠢᠩᠭᠡᠨ ᠪᠤᠯᠪᠠᠴᠤ
 ᠮᠦᠰᠦ ᠪᠤᠯᠤᠨ ᠬᠠᠲᠠᠭᠤᠷᠠᠨ᠎ᠡ ᠃ 
 ᠤᠰᠤ ᠬᠠᠷ᠎ᠠ ᠪᠤᠯᠪᠠᠴᠤ
 ᠴᠠᠰᠤ ᠪᠤᠯᠤᠨ ᠴᠠᠶ᠋ᠢᠷᠠᠨ᠎ᠠ ᠃
 ᠤᠰᠤ ᠬᠦᠨᠲᠦ ᠪᠤᠯᠪᠠᠴᠤ
 ᠠᠭᠤᠷ ᠪᠤᠯᠤᠨ  ᠳᠡᠭᠳᠡᠨ᠎ᠡ ᠃
 ᠤᠰᠤ ᠰᠢᠮ᠎ᠡ ᠦᠬᠡᠢ ᠪᠤᠯᠪᠠᠴᠤ
 ᠲᠦᠮᠡᠨ ᠪᠤᠲᠠᠰ ᠊ᠢ ᠲᠡᠵᠢᠭᠡᠨ᠎ᠡ ᠃
 ᠴᠠᠰᠤ ᠮᠦᠰᠦ  ᠬᠠᠶ᠋ᠢᠯᠵᠤ
 ᠪᠤᠷᠤᠬ᠋᠎ᠠ ᠮᠠᠨᠠᠨ ᠪᠠᠭᠤᠵᠤ
 ᠴᠠᠷᠭᠢᠬᠤ ᠤᠰᠤ ᠪᠤᠯᠵᠤ
 ᠪᠤᠷᠭᠢᠬᠤ ᠪᠤᠯᠠᠭ ᠪᠤᠯᠵᠤ
 ᠴᠠᠰᠢ ᠪᠠᠨ ᠬᠡᠯᠬᠢᠶ᠎ᠡ ᠨᠡᠶ᠋ᠢᠯᠡᠵᠦ
 ᠬᠤᠭᠤᠷᠤᠨᠲᠤ ᠪᠠᠨ ᠬᠤᠯᠪᠤᠬ᠋᠎ᠠ ᠨᠢᠭᠡᠤᠠᠴᠦ
 ᠴᠠᠯᠭᠢᠨ ᠲᠤᠯᠭᠢᠬᠤ ᠶᠡᠬᠡ
 ᠮᠦᠷᠡᠨ ᠪᠤᠯᠤᠭᠠᠳ ᠶᠠᠪᠤᠴᠢᠬᠠᠨ᠎ᠠ ᠃
 ᠤᠯᠠᠭᠠᠨ ᠬᠠᠲᠠᠨ ᠪ ᠢᠷᠤᠭᠠᠷ ᠶ᠋ᠢᠠᠷ
 ᠨᠤᠭᠤᠭᠠᠨ ᠮᠤᠲᠤᠨ ᠪ ᠲᠤᠮᠲᠠᠭᠤᠷ
 ᠤᠷᠤᠰᠴᠤ ᠪᠠᠶ᠋ᠢᠬ᠋᠎ᠠ ᠮᠦᠷᠡᠨ ᠊ᠢ
 ᠠᠭᠤᠯᠠᠨ ᠲᠡᠭᠡᠷ᠎ᠡ ᠡᠴᠡ ᠬᠠᠷᠠᠬᠤ  ᠳᠦ
 ᠤᠷᠭᠤᠮᠠᠯ ᠰᠠᠶ᠋ᠢᠬᠠᠨ ᠮᠤᠲᠤ ᠮᠡᠲᠦ
 ᠮᠦᠴᠢᠷᠯᠡᠨ ᠰᠠᠯᠪᠤᠷᠢᠯᠠᠨ ᠬᠠᠷᠠᠭᠲᠠᠨ᠎ᠠ ᠃
 ᠤᠷᠲᠤ ᠬᠦᠬᠡ ᠮᠤᠭᠠᠢ ᠮᠡᠲᠦ
 ᠮᠤᠷᠤᠯᠵᠠᠨ ᠮᠤᠰᠭᠢᠷᠠᠨ ᠦᠵᠡᠭᠳᠡᠨ᠎ᠡ ᠃
 ᠭᠠᠵᠠᠷ ᠦ᠋ᠨ ᠦᠨᠲᠦᠷ ᠤᠷᠭᠢᠯ ᠡᠴᠡ
 ᠬᠦᠬᠡ ᠤᠰᠤᠨ ᠮᠤᠭᠠᠢ ᠭᠠᠷᠴᠤ
 ᠭᠠᠲᠠᠭᠠᠲᠤ ᠶᠡᠬᠡ ᠲᠠᠯᠠᠢ  ᠳᠦ
 ᠱᠤᠩᠭᠤᠨ ᠤᠷᠤᠵᠤ ᠨᠠᠭᠠᠤᠠᠬᠤ  ᠳᠦ
 ᠭᠠᠲᠠᠭᠠᠲᠤ ᠲᠡᠷᠡ ᠲᠠᠯᠠᠢ ᠡᠴᠡ
 ᠴᠠᠭᠠᠨ ᠡᠭᠦᠯᠡᠨ ᠪ ᠯᠤᠤ ᠭᠠᠷᠴᠤ
 ᠭᠠᠵᠠᠷ ᠲᠡᠭᠡᠭᠦᠷ ᠲᠡᠭᠦᠯᠢᠵᠦ
 ᠤᠰᠤ  ᠪᠡᠷ ᠬᠦᠷᠬᠢᠷᠡᠨ ᠨᠠᠭᠠᠲᠤᠨ᠎ᠠ ᠃

            ᠲᠠᠪᠤ ᠂ ᠤᠷᠭᠤᠮᠠᠯ
 ᠨᠠᠷᠠᠨ ᠪ ᠭᠡᠷᠡᠯ ᠠᠭᠠᠷ
 ᠭᠠᠵᠠᠷ ᠦ᠋ᠨ ᠰᠢᠮ᠎ᠡ ᠤᠰᠤ
 ᠨᠠᠶ᠋ᠢᠷᠠᠮᠲᠠᠨ ᠵᠤᠬᠢᠴᠠᠭᠰᠠᠨ ᠪ ᠬᠦᠴᠦ ᠪᠡᠷ
 ᠰᠢᠯᠲᠠᠭᠠᠨ ᠨᠦᠬᠦᠴᠡᠯ ᠪᠦᠷᠢᠤᠠᠴᠦ
 ᠨᠠᠷᠠᠲᠤ ᠡᠨᠡ ᠶᠢᠷᠲᠢᠨᠴᠦ  ᠳᠦ
 ᠤᠷᠭᠤᠮᠠᠯ  ᠳᠡᠯᠭᠡᠷᠡᠭᠰᠡᠨ ᠪ ᠲᠤᠲᠤᠷ᠎ᠡ 
 ᠨᠠᠪᠴᠢ ᠴᠡᠴᠡᠭ ᠬᠤᠸᠠᠷ ᠦ᠋ᠨ
 ᠤᠷᠠᠨ ᠨᠠᠷᠢᠨ ᠵᠢᠭᠲᠡᠢᠬᠡᠨ
 ᠮᠠᠯᠲᠠᠭᠠᠳ ᠦᠵᠡᠬᠦ  ᠳᠦ ᠭᠠᠵᠠᠷ ᠡᠴᠡ
 ᠰᠢᠷᠤᠢ ᠴᠢᠯᠠᠭᠤ ᠭᠠᠷᠪᠠᠴᠤ
 ᠮᠠᠨᠲᠤᠭᠠᠳ ᠤᠷᠭᠤᠬᠤ ᠵᠦᠢᠯ ᠨᠢ
 ᠤᠷᠠᠨ ᠰᠠᠶ᠋ᠢᠬᠠᠨ ᠤᠷᠭᠤᠮᠠᠯ ᠃
 ᠮᠠᠨ ᠪ ᠪᠦᠲᠦᠭᠡᠭᠰᠡᠨ ᠶᠠᠭᠤᠮ᠎ᠠ
 ᠬᠡᠲᠦᠢ ᠤᠷᠠᠨ ᠨᠠᠷᠢᠨ ᠬᠡᠪᠡᠴᠦ
 ᠮᠠᠭᠠᠤᠠᠯᠠᠵᠤ ᠰᠠᠶ᠋ᠢᠲᠤᠷ ᠦᠵᠡᠪᠡᠯ
 ᠴᠡᠴᠡᠭ ᠨᠠᠪᠴᠢᠨ  ᠳᠦ ᠬᠦᠷᠬᠦ ᠦᠭᠡᠢ ᠃
 ᠵᠢᠵᠢᠭ᠌ ᠨᠤᠭᠤᠭ᠎ᠡ  ᠦᠷᠭᠦᠯᠵᠢᠯᠡᠵᠦ
 ᠨᠤᠭᠤᠭᠠᠨ ᠭᠢᠯᠢᠩ ᠲᠡᠪᠢᠰᠭᠡᠷ ᠰᠢᠭ᠌
 ᠵᠢᠮᠢᠰ ᠠᠮᠲᠠᠲᠠᠨ ᠪᠦᠩᠵᠢᠭᠢᠨᠡᠵᠦ
 ᠡᠷᠲᠡᠨᠢᠲᠦ ᠰᠠᠶ᠋ᠢᠬᠠᠨ ᠤᠨᠵᠢᠯᠬ᠋᠎ᠠ  ᠰᠢᠭ᠋
 ᠵᠢᠭᠳᠡᠷᠡᠭᠰᠡᠨ ᠨᠠᠷᠠᠰᠤ ᠵᠡᠷᠭᠡᠯᠡᠵᠦ
 ᠵᠢᠬᠰᠠᠭᠠᠭᠰᠠᠨ ᠤᠯᠠᠨ ᠪᠠᠭᠠᠨ᠎ᠠ ᠰᠢᠭ᠋
 ᠵᠢᠭᠲᠡᠢ ᠪᠤᠯᠤᠨ ᠰᠤᠨᠢᠨ
 ᠲᠦᠮᠡᠨ ᠪᠤᠲᠠᠰ ᠦ᠋ᠨ ᠵᠢᠮ᠎ᠡ ᠶᠤᠮ ᠃
 ᠠᠭᠤᠯᠠ ᠨᠢᠷᠤᠭᠤ ᠬᠡᠲᠦᠶ᠋ᠢᠪᠡᠷ
 ᠦᠨᠲᠦᠷ ᠰᠦᠷ ᠲᠡᠢ ᠪᠤᠯᠪᠠᠴᠤ
 ᠤᠷᠭᠤᠮᠠᠯ ᠦᠬᠡᠢ ᠬᠤᠪᠠᠬᠠᠢ
 ᠶᠠᠭᠤ ᠨᠢ ᠰᠠᠶ᠋ᠢᠬᠠᠨ ᠪᠢᠯᠡ ?
 ᠤᠰᠤ ᠤᠷᠤᠰᠬᠠᠯ ᠬᠡᠲᠦᠶ᠋ᠢᠪᠡᠷ
 ᠨᠠᠶ᠋ᠢᠷ ᠲᠠᠢ ᠲᠤᠩᠭᠠᠯᠠᠭ ᠪᠤᠯᠪᠠᠴᠤ
 ᠤᠷᠭᠤᠮᠠᠯ ᠦᠬᠡᠢ ᠪᠤᠯ ᠬᠤᠭᠤᠰᠤᠨ 
 ᠶᠠᠭᠤ ᠨᠢ ᠠᠶᠠᠲᠠᠢ ᠪᠢᠯᠡ ?
 ᠭᠠᠵᠠᠷ ᠲᠡᠯᠡᠬᠡᠢ ᠵᠢᠨ ᠴᠢᠮᠡᠭ ᠨᠢ
 ᠭᠠᠩᠭᠠᠩ ᠰᠠᠶ᠋ᠢᠬᠠᠨ ᠤᠷᠭᠤᠮᠠᠯ ᠃
 ᠭᠠᠶ᠋ᠢᠬᠠᠵᠤ ᠰᠤᠨᠢᠷᠬᠠᠵᠤ ᠪᠠᠶ᠋ᠢᠬ᠋᠎ᠠ ᠨᠢ
 ᠴᠢ ᠪᠢᠲᠡ ᠬᠣᠶᠠᠷ ᠃
 ᠭᠠᠶ᠋ᠢᠬᠠᠵᠤ ᠬᠠᠷᠠᠵᠤ ᠰᠠᠭᠤᠬᠤ ᠪᠠᠷ ᠶ᠋ᠢᠠᠨ
 ᠲᠡᠭᠦᠭᠡᠳ ᠠᠪᠤᠪᠠᠯ ᠶᠠᠭᠠᠬᠢᠨ᠎ᠠ ᠪᠤᠢ ?
 ᠭᠠᠯ ᠤᠯᠠᠭᠠᠨ ᠥᠩᠭᠡ ᠲᠡᠢ
 ᠡᠨᠡ ᠴᠡᠴᠡᠭ ᠊ᠢ ᠬᠠᠷᠠᠪᠠ ‍ᠦᠦ ?
 ᠵᠠᠯᠭᠢᠬᠤ ᠦᠷ᠎ᠡ ᠲᠠᠢ  ᠴᠡᠴᠡᠭ
 ᠲᠤᠷᠠᠯᠠᠭᠤᠯᠬᠤ ᠦᠩᠭᠡ ᠲᠠᠢ ᠴᠡᠴᠡᠭ
 ᠽᠠᠨᠲᠠᠨ ᠪ ᠦᠨᠦᠷ ᠠᠩᠭᠢᠯᠤᠭᠰᠠᠨ
 ᠴᠡᠴᠡᠭ ᠡᠭᠦᠨ ᠊ᠢ ᠠᠪᠴᠤ
 ᠵᠠᠯᠠᠭᠤ ᠨᠦᠬᠦᠳ ᠦ᠋ᠨ ᠡᠩᠭᠡᠷ ᠲᠦ
 ᠴᠢᠮᠡᠭ ᠪᠤᠯᠭᠠᠵᠤ ᠬᠠᠤᠠᠬᠤᠶ᠎ᠠ
 ᠵᠠᠪᠰᠠᠷ ᠦᠭᠡᠢ ᠰᠡᠤᠠᠬᠢᠯ ᠦ᠋ᠨ
 ᠲᠡᠮᠲᠡᠭ ᠪᠤᠯᠭᠠᠵᠤ ᠰᠠᠨᠠᠶ᠎ᠠ ᠃

        ᠵᠢᠷᠭᠤᠬ᠋᠎ᠠ ᠂ ᠴᠠᠭ ᠦ᠋ᠨ ᠪᠠᠶ᠋ᠢᠲᠠᠯ
 ᠠᠯᠲᠠᠨ ᠨᠠᠷᠠ  ᠬᠡᠢᠭᠰᠡᠨ
 ᠮᠦᠩᠭᠦᠨ ᠰᠠᠷᠠ ᠮᠠᠨᠲᠤᠭᠰᠠᠨ
 ᠠᠷᠢᠭᠤᠨ ᠰᠠᠯᠬᠢ  ᠰᠡᠩᠭᠢᠨᠡᠭᠰᠡᠨ
 ᠵᠦᠭᠡᠯᠡᠨ ᠬᠤᠷ᠎ᠠ  ᠰᠢᠪᠡᠷᠡᠭᠰᠡᠨ
 ᠠᠮᠢᠰᠬᠤᠯ ᠠᠭᠤᠷ  ᠲᠡᠭᠰᠢᠷᠡᠭᠰᠡᠨ
 ᠴᠡᠴᠡᠭ ᠨᠠᠪᠴᠢ ᠳᠡᠯᠭᠡᠷᠡᠭᠰᠡᠨ
 ᠠᠯᠢᠪᠠ ᠵᠦᠢᠯ ᠨᠢ  ᠪᠦᠷᠢᠳᠦᠭᠰᠡᠨ
 ᠠᠶᠠᠲᠠᠢ ᠰᠠᠶ᠋ᠢᠬᠠᠨ ᠴᠠᠭ ᠪᠠᠶ᠋ᠢᠨ᠎ᠠ ᠃
 ᠤᠷᠢᠬᠠᠨ ᠬᠤᠩᠭᠤᠷ ᠰᠠᠯᠬᠢ
 ᠠᠭᠤᠯᠠ ᠶ᠋ᠢᠨ ᠬᠦᠨᠲᠡᠢ  ᠳᠦ ᠰᠡᠩᠭᠢᠨᠡᠬᠡᠳ
 ᠤᠨᠲᠤᠷᠬᠤ ᠮᠦᠷᠡᠨ ᠪ ᠤᠰᠤ
 ᠬᠠᠵᠠᠭᠤ ᠡᠷᠬᠢ ᠪᠠᠨ ᠴᠤᠬᠢᠯᠠᠭᠠᠳ
 ᠤᠯᠢᠶᠠᠰᠤᠨ ᠪ ᠨᠠᠪᠴᠢ ᠴᠡᠴᠡᠷᠡᠨ
 ᠴᠢᠮᠡᠬᠡ ᠠᠨᠢᠷ ᠭᠠᠷᠭᠠᠭᠠᠳ
 ᠠᠭᠤᠵᠢᠮ ᠠᠭᠠᠷ ᠦ᠋ᠨ ᠬᠢᠵᠠᠭᠠᠷ ᠲᠤ
 ᠱᠤᠩᠬᠤᠷ ᠰᠢᠪᠠᠭᠤ ᠬᠠᠯᠢᠭᠠᠳ
 ᠬᠦᠬᠡ ᠰᠠᠶ᠋ᠢᠬᠠᠨ  ᠲᠡᠭᠷᠢ
 ᠴᠠᠭᠠᠨ ᠡᠭᠦᠯᠡ ᠲᠡᠢ ᠬᠤᠤᠰᠯᠠᠵᠤ
 ᠬᠦᠬᠡ ᠴᠡᠩᠬᠡᠷ ᠮᠦᠷᠡᠨ
 ᠨᠤᠭᠤᠭᠠᠨ ᠤᠢ ᠲᠠᠢ ᠰᠦᠯᠵᠢᠵᠦ
 ᠬᠦᠬᠡ ᠰᠢᠷ᠎ᠡ ᠴᠡᠴᠡᠭ
 ᠠᠯᠠᠭ ᠡᠷᠢᠶᠡᠨ ᠬᠠᠷᠠᠭᠲᠠᠵᠤ
 ᠬᠦᠬᠦᠭᠡ ᠭᠤᠷᠭᠤᠤᠯᠲᠠᠢ ᠬᠤᠶᠠᠷ
 ᠡᠭᠡᠯᠵᠢ ᠲᠠᠷᠠᠬ᠋᠎ᠠ ᠪᠡᠷ ᠲᠤᠩᠭᠤᠤᠠᠴᠤ
 ᠲᠦᠮᠡᠨ ᠵᠦᠢᠯ ᠦ᠋ᠨ ᠠᠶᠠᠯᠭᠤ
 ᠴᠢᠬᠢᠨ ᠪ ᠤᠶ᠋ᠢᠷ᠎ᠡ  ᠰᠤᠨᠤᠰᠲᠠᠬᠤ ᠎ ᠳᠦ
 ᠲᠡᠭᠦᠰ ᠦᠵᠡᠰᠭᠦᠯᠡᠩ ᠦ᠋ᠨ ᠪᠠᠶ᠋ᠢᠲᠠᠯ
 ᠨᠢᠲᠦᠨ ᠪ ᠡᠮᠦᠨ᠎ᠡ  ᠵᠢᠭᠳᠡᠷᠡᠬᠦ  ᠳᠦ
 ᠲᠦᠷᠦᠵᠦ ᠥᠰᠦᠭᠰᠡᠨ  ᠪᠡᠶ᠎ᠡ  ᠳᠦ ᠮᠢᠨᠢ
 ᠪᠠᠶᠠᠷ ᠦ᠋ᠨ ᠰᠤᠪᠢᠩ ᠲᠠᠲᠠᠯ᠎ᠡ
 ᠲᠦᠭᠡᠷᠢᠵᠦ ᠡᠷᠭᠢᠭᠰᠡᠨ ᠤᠬᠠᠭᠠᠨ  ᠳᠦ ᠮᠢᠨᠢ
 ᠰᠤᠯᠤᠩᠭ᠎ᠡ᠎  ᠶ᠋ᠢᠨ ᠵᠠᠮ ᠭᠠᠷᠤᠯ᠎ᠠ ᠃
 ᠶᠢᠷᠲᠢᠨᠴᠦ  ᠳᠦ ᠭᠠᠶ᠋ᠢᠬᠠᠮᠰᠢᠬ ᠶᠠᠭᠤᠮ᠎ᠠ
 ᠶᠡᠬᠡ ᠪᠠᠶ᠋ᠢᠬᠤ ᠪᠤᠯᠤᠯᠲᠠᠢ ᠃
 ᠶᠡᠷᠦᠩᠬᠡᠢ ᠤᠴᠢᠷ ᠊ᠢ ᠮᠡᠲᠡᠪᠡᠯ
 ᠶᠠᠭᠤᠮ᠎ᠠ ᠪᠦᠬᠦᠨ ᠰᠤᠨᠢᠨ ᠲᠠᠢ ᠃
 ᠶᠢᠰᠦᠨ ᠰᠠᠷ᠎ᠠ  ᠳᠦ ᠡᠬᠢᠯᠡᠬᠦ
 ᠰᠤᠷᠭᠠᠭᠤᠯᠢ ᠶ᠋ᠢᠨ ᠨᠤᠮ ᠳ᠋ᠠᠭᠠᠨ ᠦᠵᠡᠯᠲᠡᠢ ᠃
 ᠶᠡᠷᠦ ᠨᠢ ᠲᠡᠭᠡᠭᠡᠳ ᠬᠡᠯᠡᠭᠦ ᠦᠭᠡ
 ᠴᠦᠬᠡᠷᠡᠵᠦ ᠪᠠᠶ᠋ᠢᠬᠤ ᠲᠦᠯᠦᠪ ᠲᠠᠢ ᠃
 ᠪᠤᠭᠲᠠ ᠠᠭᠤᠯᠠᠨ  ᠳᠦ ᠨᠢᠰᠦᠭᠰᠡᠨ
 ᠪᠤᠷᠤ ᠰᠢᠪᠠᠭᠤ ᠴᠤᠴᠠᠯ᠎ᠠ ᠃
 ᠪᠤᠯᠬᠤ ᠪᠤᠯᠬᠤ ᠦᠬᠡᠢ ᠴᠠᠯᠴᠢᠬᠰᠠᠨ
 ᠪᠤᠭᠤᠨᠢ ᠬᠡᠯᠡ ᠮᠢᠨᠢ ᠴᠤᠴᠠᠯ᠎ᠠ ᠃
 ᠬᠠᠩᠭᠠᠢ ᠬᠠᠨ  ᠳᠦ ᠨᠢᠰᠦᠭᠰᠡᠨ
 ᠬᠠᠷᠢᠶᠠᠴᠠᠢ ᠰᠢᠪᠠᠭᠤ ᠴᠤᠴᠠᠯ᠎ᠠ ᠃
 ᠬᠠᠮᠢᠶ᠎ᠠ ᠦᠭᠡᠢ ᠦᠭᠡ ᠶ᠋ᠢ ᠴᠠᠯᠴᠢᠬᠤ  ᠳᠦ
 ᠭᠡᠮᠵᠢᠶ᠎ᠡ ᠭᠡᠵᠦ ᠪᠤᠢ ᠂ ᠵᠤᠭᠰᠤᠶ᠎ᠡ ᠃

         ᠭᠤᠷᠪᠠᠨ ᠵᠢᠯ ᠦ᠋ᠨ ᠲᠡᠭᠡᠲᠦ  ᠵᠡᠷᠭᠡ ᠶ᠋ᠢᠨ ᠲᠤᠮᠲᠠᠲᠤ ᠰᠤᠷᠭᠠᠭᠤᠯᠢ  ᠳᠦ ᠦᠵᠡᠬᠦ 
             ( ᠬᠡᠯᠡ ᠪᠢᠴᠢᠭ᠌ )_ ᠨᠢᠬᠡᠲᠦᠬᠡᠷ ᠲᠡᠪᠲᠡᠷ
             ᠦᠪᠦᠷ ᠮᠤᠩᠭᠤᠯ ᠦ᠋ᠨ ᠰᠤᠷᠭᠠᠨ ᠬᠦᠮᠦᠵᠢᠯ ᠦ᠋ᠨ ᠬᠡᠪᠯᠡᠯ ᠦ᠋ᠨ ᠬᠤᠷᠢᠶ᠎ᠡ  ᠨᠠᠶ᠋ᠢᠷᠠᠭᠤᠯᠠᠨ ᠬᠡᠪᠯᠡᠭᠦᠯᠪᠡ ᠃
                         1991 ᠤᠨ ᠪ 6 ᠰᠠᠷ᠎ᠠ ᠳᠦ ᠠᠩᠬᠠᠲᠤᠭᠠᠷ ᠬᠡᠪ ᠎ ᠊ᠢ ᠬᠢᠪᠡ ᠃
      
       ᠦᠰᠦᠭ ᠠᠮᠢᠯᠠᠭᠤᠯᠤᠭᠴᠢ — ᠪᠣᠥ ᠴᠢᠩ  ᠬᠣ᠌
       ᠬᠢᠨᠠᠭᠴᠢ — ᠬᠠᠲᠠᠨᠴᠡᠴᠡᠭ