ᠮᠣᠩᠭᠣᠯ ᠬᠡᠯᠡ-ᠡᠬᠡ ᠬᠡᠯᠡ ᠶᠢᠨ ᠡᠳᠦᠷ ᠲᠦ ᠵᠣᠷᠢᠭᠤᠯᠪᠠМонгол хэл-эх хэлийн өдөрт зориулав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠡᠯᠡ-ᠡᠬᠡ ᠬᠡᠯᠡ ᠶᠢᠨ ᠡᠳᠦᠷ ᠲᠦ ᠵᠣᠷᠢᠭᠤᠯᠪᠠМонгол хэл-эх хэлийн өдөрт зориулав

ᠮᠣᠩᠭᠣᠯ ᠬᠡᠯᠡ-ᠡᠬᠡ ᠬᠡᠯᠡ ᠶᠢᠨ ᠡᠳᠦᠷ ᠲᠦ ᠵᠣᠷᠢᠭᠤᠯᠪᠠМонгол хэл-эх хэлийн өдөрт зориулав

2023-02-21

1844

ᠮᠣᠩᠭᠣᠯ ᠬᠡᠯᠡ-ᠡᠬᠡ ᠬᠡᠯᠡ ᠶᠢᠨ ᠡᠳᠦᠷ ᠲᠦ ᠵᠣᠷᠢᠭᠤᠯᠪᠠ

               ᠪᠢᠮᠪᠠ ᠶ᠋ᠢᠨ  ᠷᠢᠨᠴᠢᠨ
ᠴ᠍ᠢᠬᠢᠨ ‍ᠤ ᠴ᠍ᠢᠮᠩ ᠪᠣᠯᠣᠠᠠᠰᠠᠨ ᠠᠶᠠᠯᠭᠣ ᠰᠠᠶ᠋ᠢᠬᠠᠨ ᠮᠣᠩᠭᠣᠯ ᠬᠡᠯᠡ
ᠴ᠍ᠢᠩ ᠵᠣᠷᠢᠬᠲᠤ ᠡᠪᠣᠬᠡᠣᠨ ᠳᠡᠭᠡᠳᠦᠰ ᠦᠨ ᠮᠢᠨᠢ ᠥᠪ ᠶᠡᠬᠡ ᠡᠷᠳᠡᠨᠢ
ᠰᠣᠨᠣᠰᠬᠤ ᠪᠣ᠍ᠢᠷᠢ ᠢᠷᠠᠭᠣ ᠪᠠᠶᠠᠯᠢᠬ ‍ᠢ ᠨᠢ ᠭᠠ᠍ᠢ᠍ᠢᠠᠠᠠᠨ ᠪᠠᠶᠠᠰᠴᠣ
ᠰᠣᠳᠣ ᠶᠠᠬᠡ ᠪᠢᠯᠢᠭᠲᠦ ᠲᠦᠮᠠᠨ ᠶᠣᠬᠡᠨ ᠪᠢᠰ᠍ᠢᠷᠠᠨ ᠮᠠᠭᠲᠠᠮᠤ ᠪᠢ !

ᠤᠷᠢᠳᠤ ᠶ᠋ᠢᠨ ᠪᠠᠷᠬᠡ ᠴᠠᠭ ᠲᠦ ᠣᠯᠣᠰ ᠮᠣᠩᠭᠣᠯ ᠦᠨ ᠬᠡᠳᠦ ᠵᠠᠶᠠᠭ᠎ᠠ ‍ᠶ᠋ᠢ
ᠤᠶ᠋ᠢᠳᠬᠠᠷᠯᠠᠨ ᠪᠣᠳᠣᠬᠤ ᠳᠦ ᠣᠷᠮ᠎ᠠ ᠵᠣᠷᠢᠬ ‍ᠢ ᠮᠢᠨᠢ ᠰᠡᠷᠭᠦᠭᠡᠭᠰᠡᠨ ᠥᠭᠡᠳᠡᠯᠡᠨ 

ᠳᠡᠭᠵᠢᠬᠦ ᠶ᠋ᠢᠨ ᠲᠠᠬᠥᠰ ᠬᠣᠪᠢ ᠲᠠᠢ ᠳᠦ ᠨᠢ ᠢᠲᠡᠭᠡᠭᠦᠯᠦᠭᠰᠡᠨ
ᠦᠷᠨᠢᠨ ᠮᠠᠨᠳᠤᠬᠤ ᠶ᠋ᠢᠨ ᠰ᠍ᠢᠠᠵᠢ ᠪᠦᠷᠢᠳᠦᠭᠰᠡᠨ ᠡᠪᠣᠬᠡᠣᠨ ᠦᠨ ᠮᠢᠨᠢ ᠬᠡᠯᠠ!

ᠮᠦᠷᠠᠨ ᠭᠣᠣᠯ ᠦᠨ ᠴᠢᠳᠬᠤᠯᠠᠩᠲᠤ ᠰ᠍ᠢᠷᠬᠢᠰᠢ ᠦᠬᠡᠢ ᠶᠠᠬᠡ ᠲᠠᠯᠠᠢ ᠮᠡᠲᠦ
ᠮᠦᠩᠬᠡᠳᠡ ᠦᠷ᠎ᠠ ᠠᠴᠢ ᠨᠠᠷ ᠦᠨ ᠵᠠᠯᠭᠠᠮᠵᠢ ᠪᠠᠷ ᠪᠠᠳᠠᠷᠠᠩᠬᠠᠨ ᠲᠠᠯᠬᠡᠷᠠᠵᠣ
ᠬᠦᠨᠳᠡᠢ ᠴᠠᠬᠡᠵ᠍ᠢᠨ  ᠳᠦ ᠣᠷᠣᠠᠠᠴᠢ ᠪᠦᠭᠦᠳᠡ ‍ᠶ᠋ᠢ ᠨᠡᠪᠲᠡᠷᠡᠭᠦᠯᠬᠦ ᠴᠢᠳᠠᠯᠲᠤ
ᠬᠥᠭᠵᠢᠮ ᠮᠡᠲᠦ ᠢᠷᠠᠭᠣ ᠪᠠᠶᠠᠰᠬᠤᠯᠠᠩᠲᠤ ᠮᠣᠩᠭᠣᠯ ᠬᠡᠯᠠ ᠮᠢᠨᠢ !

ᠦᠰᠬᠥ ᠨᠠᠰᠣᠨ ᠡᠴᠠ ᠥᠲᠡᠯᠬᠦ ᠨᠠᠰᠣᠨ ᠬᠦᠷᠲᠡᠯ᠎ᠡ ᠴ᠍ᠢᠮ᠎ᠠ ᠶᠤᠭᠠᠨ ᠰᠤᠳᠤᠯᠤᠨ
ᠡᠳᠦᠷ ᠪᠣ᠍ᠢᠷᠢ ᠦᠭᠡᠰ ᠦᠨ ᠡᠷᠳᠡᠨᠢ ᠵᠢ ᠴᠢᠨᠢ ᠪᠠᠶᠠᠷᠯᠠᠨ ᠲᠡᠭᠦᠨᠡᠮ !
ᠲᠦᠮᠠᠨ ᠲᠦᠮᠠᠨ ᠦᠶ᠎ᠠ ᠶ᠋ᠢᠨ ᠣᠶᠣᠨ ᠪᠢᠯᠢᠭ ᠦᠨ ᠦᠯᠠᠮᠵᠢ ᠰᠠᠩ ‍ᠤᠨ ᠡᠭᠦᠳᠡ ‍ᠶ᠋ᠢ ᠴᠢᠨᠢ
ᠲᠦᠯᠬᠢᠬᠥ ᠪᠣ᠍ᠢᠷᠢ ᠰᠠᠣᠠᠬᠢᠯ ᠰᠠᠷᠬᠥᠨ ᠮᠠᠩᠨᠠᠢ ᠶ᠋ᠢᠨ ᠦᠷᠴ᠍ᠢᠯᠠᠬᠡ ᠲᠡᠨᠢᠢᠨᠡᠮ  !

ᠲᠦᠭᠰᠢᠭᠦᠷᠢᠲᠦ  ᠪᠡᠷᠬᠡ ‍ᠶ᠋ᠢ ᠲᠠᠪᠠᠨ ᠲᠣᠭᠣᠯᠣᠠᠠᠰᠠᠨ ᠪᠠᠭᠠᠲᠤᠷ ᠲᠦᠮᠠᠨ ‍ ‍ᠤ ᠮᠢᠨᠢ
ᠲᠦᠪᠰ᠍ᠢᠨ ᠰᠣᠶᠣᠯ ᠡᠷᠳᠡᠨᠢ ᠶᠤᠭᠡᠨ ᠮᠠᠨᠳᠤᠭᠤᠯᠬᠤ ᠶ᠋ᠢᠨ ᠬᠡᠬᠡᠨ ᠤᠯᠠᠷᠢᠯ ᠨᠡᠭᠡᠭᠡᠭᠲᠡᠭᠰᠡᠨ  ᠳᠦ
ᠰᠠᠯᠪᠢᠯ ᠦᠬᠡᠢ ᠰᠠᠴᠠᠨ ᠣᠶᠤᠲᠠᠨ ᠬᠡᠯᠠ ᠶᠣᠬᠡᠨ ᠡᠩᠬᠦᠷᠡᠶ᠋ᠢᠯᠡᠨ ᠬᠥᠭᠵᠢᠭᠦᠯᠦᠶᠦ ᠬᠡᠮᠠᠨ
ᠰᠠᠣᠠᠬᠢᠯ ᠤᠷᠮᠠᠰ ᠪᠠᠳᠠᠷᠠᠨ ᠪᠠᠬᠠᠳᠤᠮᠤ ᠦᠰᠣᠨ ᠪᠣᠭᠣᠷᠣᠯ ᠥᠲᠡᠭᠦᠰ ᠪᠢ !

ᠬᠣᠲᠣᠭ ᠥᠯᠵᠡᠢ ᠪᠦᠷᠢᠲᠦᠭᠰᠡᠨ ᠬᠤᠪᠢ ᠶᠡᠬᠡ ᠵᠠᠶᠠᠭᠠᠲᠤ ᠲᠦᠮᠡᠨ ᠪ ᠮᠢᠨᠢ
ᠬᠤᠷᠴᠠ ᠠᠪᠢᠶᠠᠰᠲᠤ ᠬᠥᠪᠡᠭᠦᠳ ᠳᠡᠭᠦᠦ ᠨᠡᠷ ᠬᠠᠯᠠᠭᠤᠨ ᠡᠯᠢᠭᠡᠲᠡᠨ ᠬᠣᠲᠠᠯᠠᠭᠠᠷ ᠶ᠋ᠢᠠᠨ
ᠡᠭᠡᠰᠢᠭ ᠰᠠᠶ᠋ᠢᠬᠠᠨ ᠮᠣᠩᠭᠣᠯ ᠬᠡᠯᠡ ᠶᠤᠭᠡᠨ ᠨᠡᠩ ᠬᠠᠶ᠋ᠢᠷᠠᠯᠠᠨ ᠳᠡᠭᠡᠳᠦᠯᠡᠵᠦ  

ᠡᠩᠬᠦᠷᠡᠶ᠋ᠢᠯᠡᠨ ᠪᠠᠲᠠᠷᠠᠭᠤᠯᠬᠤ ᠶ᠋ᠢᠨ ᠪᠠᠲᠤ ᠵᠣᠷᠢᠬ ᠲᠡᠭᠦᠰ ᠶᠠᠭᠤᠲᠠᠢ ᠰᠠᠶ᠋ᠢᠬᠠᠨ ! 

 

ᠴ᠍ᠢᠬᠢᠨ ‍ᠤ ᠴ᠍ᠢᠮᠩ ᠪᠣᠯᠣᠠᠠᠰᠠᠨ ᠠᠶᠠᠯᠭᠣ ᠰᠠᠶ᠋ᠢᠬᠠᠨ ᠮᠣᠩᠭᠣᠯ ᠬᠡᠯᠡ
ᠴ᠍ᠢᠩ ᠵᠣᠷᠢᠬᠲᠤ ᠡᠪᠣᠬᠡᠣᠨ ᠳᠡᠭᠡᠳᠦᠰ ᠦᠨ ᠮᠢᠨᠢ ᠥᠪ ᠶᠡᠬᠡ ᠡᠷᠳᠡᠨᠢ
ᠰᠣᠨᠣᠰᠬᠤ ᠪᠣ᠍ᠢᠷᠢ ᠢᠷᠠᠭᠣ ᠪᠠᠶᠠᠯᠢᠬ ‍ᠢ ᠨᠢ ᠭᠠ᠍ᠢ᠍ᠢᠠᠠᠠᠨ ᠪᠠᠶᠠᠰᠴᠣ
ᠰᠣᠳᠣ ᠶᠠᠬᠡ ᠪᠢᠯᠢᠭᠲᠦ ᠲᠦᠮᠠᠨ ᠶᠣᠬᠡᠨ ᠪᠢᠰ᠍ᠢᠷᠠᠨ ᠮᠠᠭᠲᠠᠮᠤ ᠪᠢ !