ᠮᠣᠩᠭᠣᠯ ᠨᠤᠲᠤᠭ ᠮᠢᠨᠢ – ᠬᠣᠷᠴᠢᠨ Монгол нутаг минь – Хорчин
ᠮᠣᠩᠭᠣᠯ ᠨᠤᠲᠤᠭ ᠮᠢᠨᠢ
ᠬᠣᠷᠴᠢᠨ
ᠮᠥᠩᠬᠡ ᠲᠩᠷᠢ ᠢᠪᠡᠭᠡᠵᠦ ᠤᠷᠢᠬᠠᠨ ᠬᠠᠪᠤᠷ ᠮᠣᠩᠭᠣᠯ ᠳᠦ ᠰᠠᠭᠠᠲᠠᠯ᠎ᠠ
ᠮᠣᠩᠭᠣᠯ ᠣᠷᠣᠨ ᠬᠠᠪᠤᠷᠵᠢᠵᠤ ᠲᠥᠯᠵᠢᠯ ᠦ᠋ᠨ ᠤᠯᠠᠷᠢᠯ ᠡᠩᠬᠡᠵᠢᠨ ᠢᠷᠡᠯ᠎ᠡ
ᠠᠷᠭᠠᠯ ᠦ᠋ᠨ ᠤᠲᠤᠬ᠋᠎ᠠ ᠪᠤᠷᠭᠢᠯᠤᠭᠰᠠᠨ ᠮᠣᠩᠭᠣᠯ ᠭᠡᠷ ᠦ᠋ᠨ ᠪᠠᠷ᠎ᠠ ᠮᠢᠨᠢ
ᠠᠲᠠᠷ ᠬᠡᠭᠡᠷ᠎ᠡ ᠶ᠋ᠢᠨ ᠬᠠᠩᠭᠠᠢ ᠭᠣᠪᠢ ᠳᠦ ᠦᠵᠡᠮᠵᠢ ᠪᠣᠯᠵᠤ ᠬᠠᠷᠠᠭᠲᠠᠭᠠᠳ
ᠪᠤᠶᠠᠨᠲᠤ ᠴᠠᠭᠠᠨ ᠰᠦᠷᠦᠭ ᠨᠢ ᠬᠣᠲᠠ ᠳᠦᠭᠦᠷᠡᠩ ᠴᠢᠮᠡᠭᠯᠡᠯ ᠪᠣᠯᠤᠭᠠᠳ
ᠪᠤᠶᠠᠨᠰᠠᠭ ᠰᠠᠶ᠋ᠢᠬᠠᠨ ᠮᠣᠩᠭᠣᠯ ᠠᠮᠢᠲᠤᠷᠠᠯ ᠥᠷᠯᠥᠭᠡ ᠪᠣᠯᠭᠠᠨ ᠪᠠᠶᠠᠰᠬᠤᠯᠠᠩ
ᠥᠨᠢᠷ ᠪᠠᠶᠠᠯᠢᠬ ᠮᠣᠩᠭᠣᠯ ᠨᠤᠲᠤᠭ ᠮᠢᠨᠢ
ᠥᠷᠯᠥᠭᠡ ᠪᠣᠯᠭᠠᠨ ᠪᠠᠶᠠᠷ ᠵᠢᠷᠭᠠᠯ ᠲᠠᠢ
ᠨᠠᠷᠠᠨ ᠮᠠᠨᠲᠤᠯ ᠦ᠋ᠨ ᠭ᠌ᠱᠠᠨ ᠊ᠢ ᠤᠷᠬ᠋᠎ᠠ ᠶ᠋ᠢᠨ ᠨᠢᠲᠦᠨ ᠳᠦ ᠪᠡᠨ ᠪᠠᠭᠲᠠᠭᠠᠭᠰᠠᠨ ᠠᠶ᠋ᠢᠯ
ᠨᠠᠷᠭᠢᠮ᠎ᠠ ᠪᠠᠶᠠᠷ ᠦ᠋ᠨ ᠳᠠᠭᠤᠨ ᠊ᠢ ᠤᠶᠠᠩᠬ᠋᠎ᠠ ᠶ᠋ᠢᠨ ᠱᠠᠳ ᠲᠤ ᠪᠠᠨ ᠰᠢᠯᠦᠭᠯᠡᠭᠰᠡᠨ ᠡᠷ᠎ᠡ
ᠠᠭᠤᠲᠠᠮ ᠬᠥᠨᠲᠡᠢ ᠶ᠋ᠢᠨ ᠪᠡᠯᠴᠢᠭᠡᠷ ᠊ᠢ ᠲᠠᠪᠤᠨ ᠡᠷᠲᠡᠨᠢ ᠪᠡᠷ ᠶ᠋ᠢᠠᠨ ᠴᠢᠮᠡᠨ ᠪᠡᠯᠴᠢᠭᠡᠭᠰᠡᠨ
ᠠᠷᠢᠭᠤᠨ ᠪᠠᠶ᠋ᠢᠭᠠᠯᠢ ᠶ᠋ᠢᠨ ᠣᠷᠴᠢᠨ ᠊ᠢ ᠤᠷᠲᠤ ᠶ᠋ᠢᠨ ᠳᠠᠭᠤᠤ ᠪᠠᠷ ᠪᠠᠶᠠᠰᠬᠠᠭᠰᠠᠨ
ᠬᠥᠬᠡ ᠣᠭᠲᠠᠷᠭᠤᠢ ᠶ᠋ᠢᠨ ᠭᠦᠨ ᠴᠡᠭᠡᠯ ᠊ᠢ ᠠᠷᠭᠠᠯ ᠦ᠋ᠨ ᠤᠲᠤᠬ᠋᠎ᠠ ᠪᠠᠷ ᠶ᠋ᠢᠠᠨ ᠡᠮᠵᠢᠶᠡᠷᠢᠯᠡᠭᠰᠡᠨ
ᠬᠥᠲᠡᠭᠡ ᠨᠤᠲᠤᠭ ᠦ᠋ᠨ ᠪᠠᠶᠠᠷ ᠴᠡᠩᠭᠡᠯ ᠊ᠢ ᠢᠷᠠᠭᠤ ᠨᠠᠶ᠋ᠢᠷᠠᠭ ᠶ᠋ᠢᠠᠷ ᠶ᠋ᠢᠠᠨ ᠤᠶᠠᠩᠭᠠᠯᠠᠭᠰᠠᠨ
ᠥᠨᠢᠷ ᠪᠠᠶᠠᠯᠢᠬ ᠮᠣᠩᠭᠣᠯ ᠨᠤᠲᠤᠭ ᠮᠢᠨᠢ
ᠥᠷᠯᠥᠭᠡ ᠪᠣᠯᠭᠠᠨ ᠪᠠᠶᠠᠷ ᠵᠢᠷᠭᠠᠯ ᠲᠠᠢ
ᠮᠣᠩᠭᠣᠯ ᠨᠤᠲᠤᠭ ᠮᠢᠨᠢ ᠁
2023.2.23
ᠦᠰᠦᠭ ᠠᠮᠢᠯᠠᠭᠤᠯᠤᠭᠴᠢ ᠄ ᠪᠠᠯᠵᠢ
ᠬᠢᠨᠠᠭᠴᠢ ᠪᠠᠭᠰᠢ ᠄ ᠡᠭᠦᠯᠡᠩᠬᠤᠸᠠᠷ
