ᠲᠡᠮᠡᠴᠢ ᠶ᠋ᠢᠨ ᠰᠠᠶ᠋ᠢᠬᠠᠨ ᠥᠯᠥᠭᠡᠢ ᠮᠢᠨᠢ – ᠳ ᠂ ᠥᠯᠵᠡᠶ᠋ᠢᠲᠦ Тамчийн сайхан өлгий минь – Д ᠂ Өлзийт
ᠲᠡᠮᠡᠴᠢ ᠶ᠋ᠢᠨ ᠰᠠᠶ᠋ᠢᠬᠠᠨ ᠥᠯᠥᠭᠡᠢ ᠮᠢᠨᠢ
ᠳ ᠂ ᠥᠯᠵᠡᠶ᠋ᠢᠲᠦ
ᠲᠠᠯ᠎ᠠ ᠬᠠᠩᠭᠠᠢ ᠨᠢ ᠴᠡᠩᠬᠡᠷᠯᠡᠭᠰᠡᠨ
ᠲᠠᠭᠠᠨ᠎ᠠ ᠶ᠋ᠢᠨ ᠴᠡᠴᠡᠭ ᠳᠡᠯᠭᠡᠷᠡᠭᠰᠡᠨ
ᠲᠠᠪᠤᠨ ᠡᠷᠲᠡᠨᠢ ᠶ᠋ᠢᠨ ᠷᠠᠰᠢᠶᠠᠨ ᠲᠠᠢ
ᠳᠠᠪᠬᠢᠬ᠋ᠠ ᠬᠤᠯᠠᠨ ᠪ ᠲᠣᠭᠣᠰᠣ ᠲᠠᠢ
ᠭᠥᠷᠥᠭᠡᠰᠦ ᠶᠠᠩᠭᠢᠷ ᠨᠢ ᠰᠦᠷᠦᠭᠯᠡᠭᠰᠡᠨ
ᠬᠥᠬᠥᠭᠡ ᠰᠢᠪᠠᠭᠤᠳ ᠨᠢ ᠳᠣᠩᠭᠣᠳᠤᠭᠰᠠᠨ
ᠬᠥᠪᠴᠢ ᠣᠢ ᠪᠠᠭᠰᠢᠷᠠᠨ ᠵᠢᠭᠳᠡᠷᠡᠭᠰᠡᠨ
ᠬᠥᠬᠡ ᠮᠠᠨᠠᠨ ᠨᠢᠮᠭᠡᠨ ᠭᠦᠰᠢᠭᠡᠯᠡᠭᠰᠡᠨ
ᠬᠦᠷᠡᠩ ᠲᠡᠮᠡᠴᠢ ᠰᠠᠶ᠋ᠢᠬᠠᠨ ᠥᠯᠥᠭᠡᠢ ᠮᠢᠨᠢ ᠡ ᠃
ᠬᠣᠶᠠᠷ ᠰᠥᠨᠢᠳ ᠊ᠢ ᠬᠣᠯᠪᠣᠭᠰᠠᠨ
ᠬᠤᠸᠠᠷ ᠴᠡᠴᠡᠭ ᠦ᠋ᠨ ᠮᠢᠷᠠᠯᠵᠠᠭᠠᠨ ᠲᠠᠢ
ᠬᠣᠷᠸ᠋᠎ᠠ ᠶ᠋ᠢᠨ ᠰᠠᠶ᠋ᠢᠬᠠᠨ ᠦᠵᠡᠮᠵᠢ ᠪᠡᠷ
ᠬᠣᠯᠠ ᠣᠶ᠋ᠢᠷ᠎ᠠ ᠳᠦ ᠪᠠᠨ ᠠᠯᠲᠠᠷᠰᠢᠬᠰᠠᠨ
ᠬᠤᠷᠲᠤᠨ ᠮᠠᠰᠢᠨ ᠡᠲᠦᠷᠵᠢᠨ ᠠᠶᠠᠯᠠᠭᠰᠠᠨ ᠴᠤ᠌
ᠬᠣᠶ᠋ᠢᠮᠣᠷ ᠨᠢ ᠬᠠᠷᠠᠭᠲᠠᠬᠤ ᠦᠭᠡᠢ ᠨᠤᠲᠤᠭ
ᠬᠤᠨ ᠭᠠᠯᠠᠭᠤ ᠬᠤᠷᠲᠤᠯᠠᠨ ᠨᠢᠰᠦᠭᠰᠡᠨ ᠴᠤ᠌
ᠪᠠᠷ᠎ᠠ ᠨᠢ ᠦᠵᠡᠭᠳᠡᠬᠦ ᠦᠭᠡᠢ ᠭᠠᠵᠠᠷ
ᠪᠠᠶ᠋ᠢᠭᠠᠯᠢ ᠶ᠋ᠢᠨ ᠰᠣᠲᠣᠨ ᠶ᠋ᠢᠠᠨ ᠭᠠᠶ᠋ᠢᠬᠠᠭᠤᠯᠤᠭᠰᠠᠨ
ᠪᠠᠶᠠᠯᠢᠬ ᠥᠯᠥᠭᠡᠢ ᠲᠡᠮᠡᠴᠢ ᠮᠢᠨᠢ ᠰᠠᠶ᠋ᠢᠬᠠᠨ ᠡ ᠃
ᠬᠦᠭᠰᠢᠨ ᠬᠤᠤᠬᠤᠩ ᠦ᠋ᠨ ᠰᠢᠨᠲᠠᠰᠤ ᠶ᠋ᠢ ᠰᠢᠯᠭᠠᠭᠰᠠᠨ
ᠬᠦᠬᠡᠮᠳᠦᠭ ᠬᠠᠩᠭᠠᠢ ᠶ᠋ᠢᠨ ᠥᠷᠭᠡᠨ ᠲᠠᠯ᠎ᠠ ᠲᠠᠢ
ᠬᠥᠬᠡᠷᠡᠨ ᠤᠨᠢᠶᠠᠷᠲᠤᠭᠰᠠᠨ ᠵᠡᠷᠭᠡᠯᠭᠡᠨᠲᠦ ᠲᠠᠯ᠎ᠠ ᠳᠦ ᠨᠢ
ᠬᠦᠯᠦᠭ ᠠᠲᠤᠭᠤᠳ ᠢᠨᠴᠠᠭᠠᠨ ᠦᠦᠷᠰᠡᠭᠰᠡᠨ
ᠬᠥᠬᠡ ᠮᠣᠩᠭᠣᠯ ᠦ᠋ᠨ ᠳᠣᠮᠣᠭᠲᠤ ᠥᠯᠥᠭᠡᠢ
ᠬᠦᠰᠡᠯᠡᠩ ᠦ᠋ᠨ ᠰᠠᠶ᠋ᠢᠬᠠᠨ ᠲᠡᠮᠡᠴᠢ ᠮᠢᠨᠢ ᠠ᠋ ᠃
ᠲᠠᠪᠤᠨ ᠲᠣᠯᠣᠭᠠᠢ ᠨᠢ ᠠᠯᠤᠰ ᠲᠦ ᠬᠠᠷᠠᠭᠲᠠᠭᠰᠠᠨ
ᠳᠠᠪᠬᠢᠭᠠᠳ ᠬᠤᠷᠲᠤᠯᠠᠭᠰᠠᠨ ᠴᠤ᠌ ᠲᠤᠭᠤᠯᠠᠰᠢ ᠦᠭᠡᠢ
ᠲᠠᠯ᠎ᠠ ᠭᠣᠪᠢ ᠨᠢ ᠰᠦᠮᠡᠯᠵᠡᠭᠰᠡᠨ ᠠᠭᠤᠲᠠᠮ ᠲᠡᠮᠡᠴᠢ
ᠳᠡᠯᠡᠬᠡᠢ ᠶ᠋ᠢᠨ ᠭᠠᠶ᠋ᠢᠬᠠᠮᠰᠢᠬᠲᠤ ᠰᠠᠶ᠋ᠢᠬᠠᠨ ᠥᠯᠥᠭᠡᠢ
ᠳᠡᠯᠭᠡᠷ ᠮᠣᠩᠭᠣᠯ ᠦ᠋ᠨ ᠭᠣᠶᠣᠬᠠᠨ ᠲᠡᠮᠡᠴᠢ ᠮᠢᠨᠢ ᠠ᠋ ᠃
2023 ᠂ 2 ᠂ 20
ᠦᠰᠦᠭ ᠠᠮᠢᠯᠠᠭᠤᠯᠤᠭᠰᠠᠨ ᠨᠢ ᠄ ᠳ ᠣᠶᠤᠨᠪᠢᠯᠢᠭ᠌
ᠬᠢᠨᠠᠭᠰᠠᠨ ᠨᠢ ᠄ ᠣᠤᠠᠬᠠᠨᠰᠣ ᠡ
