ᠢᠷᠦᠭᠡᠯᠲᠤ ᠴᠠᠭᠠᠨ ᠮᠣᠩᠭᠣᠯ ᠭᠡᠷ – ᠦ‍ · ᠳᠠᠮᠷᠢᠨ Ерөөлт цагаан монгол гэр – Ө · Дамиран ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠷᠦᠭᠡᠯᠲᠤ ᠴᠠᠭᠠᠨ ᠮᠣᠩᠭᠣᠯ ᠭᠡᠷ – ᠦ‍ · ᠳᠠᠮᠷᠢᠨ Ерөөлт цагаан монгол гэр – Ө · Дамиран

ᠢᠷᠦᠭᠡᠯᠲᠤ ᠴᠠᠭᠠᠨ ᠮᠣᠩᠭᠣᠯ ᠭᠡᠷ – ᠦ‍ · ᠳᠠᠮᠷᠢᠨ Ерөөлт цагаан монгол гэр – Ө · Дамиран

2023-02-26

295

ᠢᠷᠦᠭᠡᠯᠲᠤ ᠴᠠᠭᠠᠨ ᠮᠣᠩᠭᠣᠯ ᠭᠡᠷ


               ᠦ‍  · ᠳᠠᠮᠷᠢᠨ
  ᠡᠷᠡᠯᠬᠡᠭ ᠮᠣᠩᠭᠣᠯ ᠦᠨᠲᠦᠰᠦᠲᠡᠨ ᠪ
 ᠵᠢᠪᠬᠤᠯᠠᠩᠲᠤ ᠴᠠᠭᠠᠨ ᠮᠣᠩᠭᠣᠯ ᠭᠡᠷ
 ᠡᠵᠡᠨ ᠴᠢᠩᠭᠢᠰ ᠦ᠋ᠨ ᠰᠠᠭᠠᠲᠠᠭᠰᠠᠨ
 ᠵᠢᠷᠭᠠᠯᠠᠩᠲᠤ ᠴᠠᠭᠠᠨ ᠮᠣᠩᠭᠣᠯ ᠭᠡᠷ ᠃
     ᠡᠷᠲᠡᠨᠢ ᠰᠢᠬᠦᠷ ᠲᠣᠭᠣᠨᠣ ᠲᠠᠢ
     ᠡᠩᠬᠦᠷᠡᠢ ᠠᠯᠲᠠᠨ ᠪᠣᠱᠣᠬ᠋᠎ᠠ ᠲᠠᠢ
     ᠵᠠᠭᠣᠨ ᠨᠠᠢ᠍ᠮᠠᠨ ᠣᠨᠢ ᠲᠠᠢ
     ᠵᠢᠷᠭᠤᠭᠠᠨ ᠶᠡᠬᠡ ᠬᠠᠨ᠎ᠠ ᠲᠠᠢ
 ᠬᠥᠪᠥᠩ ᠴᠠᠭᠠᠨ ᠡᠷᠦᠬᠡ ᠲᠡᠢ
 ᠬᠦᠯᠲᠦᠷᠭᠡᠲᠦ ᠴᠠᠭᠠᠨ ᠳᠡᠭᠡᠪᠦᠷ ᠲᠡᠢ
 ᠦᠷᠭᠡᠨ ᠴᠠᠭᠠᠨ ᠲᠤᠭᠤᠷᠬ᠋᠎ᠠ ᠲᠠᠢ
 ᠥᠭᠡᠲᠡᠩ ᠬᠠᠷ᠎ᠠ ᠪᠦᠰᠡᠯᠡᠭᠦᠷ ᠲᠡᠢ
      ᠭᠠᠷ ᠦ᠋ᠨ ᠤᠷᠠᠯᠢᠬ ᠊ᠢ ᠭᠠᠶ᠋ᠢᠬᠠᠭᠤᠯᠤᠭᠰᠠᠨ
      ᠭᠠᠶ᠋ᠢᠬᠠᠮᠰᠢᠬᠲᠤ ᠴᠠᠭᠠᠨ ᠮᠣᠩᠭᠣᠯ ᠭᠡᠷ
      ᠭᠠᠯᠪᠠ ᠳᠡᠯᠡᠬᠡᠢ ᠳᠦ ᠬᠤᠤᠰ ᠦᠭᠡᠢ
      ᠦᠵᠡᠰᠭᠦᠯᠡᠩᠲᠦ ᠴᠠᠭᠠᠨ ᠮᠣᠩᠭᠣᠯ ᠭᠡᠷ ᠃
 ᠠᠷᠪᠠᠨ ᠳᠡᠰ ᠦ᠋ᠨ ᠰᠠᠯᠬᠢᠨ  ᠳᠦ
 ᠬᠦᠲᠡᠯᠦᠰᠢ ᠦᠭᠡᠢ ᠴᠢᠬᠳᠠᠭ᠎ᠠ ᠲᠠᠢ
 ᠠᠭᠠᠲᠠᠷ ᠰᠢᠷᠦᠭᠦᠨ ᠪᠣᠷᠤᠭᠠᠨ  ᠳᠦ
 ᠨᠡᠪᠲᠡᠷᠡᠰᠢ ᠦᠭᠡᠢ ᠪᠦᠷᠢᠶᠡᠰᠦ ᠲᠡᠢ
      ᠬᠥᠬᠡᠭᠡ ᠡᠪᠦᠯ ᠦ᠋ᠨ ᠬᠦᠢᠲᠡᠨ  ᠳᠦ
      ᠬᠦᠰᠢᠭᠡ ᠶ᠋ᠢ ᠨᠢ ᠲᠠᠲᠠᠴᠢᠬᠠᠪᠠᠯ ᠳᠣᠯᠠᠭᠠᠬᠠᠨ
      ᠲᠤᠩᠭᠠᠯᠠᠭ ᠵᠤᠨ ᠪ ᠬᠠᠯᠠᠭᠤᠨ  ᠳᠦ 
      ᠲᠤᠭᠤᠷᠬ᠋᠎ᠠ ᠶ᠋ᠢ ᠨᠢ ᠰᠡᠬᠦᠴᠢᠬᠡᠪᠡᠯ ᠰᠡᠷᠢᠭᠦᠬᠡᠨ
 ᠴᠢ ᠪᠢᠲᠡᠨ  ᠳᠦ ᠵᠠᠶᠠᠭᠠᠬᠰᠠᠨ
 ᠢᠷᠦᠭᠡᠯᠲᠤ ᠴᠠᠭᠠᠨ ᠮᠣᠩᠭᠣᠯ ᠭᠡᠷ
 ᠴᠡᠩᠭᠡᠯ ᠪᠠᠶᠠᠷ ᠪᠢᠯᠬᠠᠬᠰᠠᠨ
 ᠪᠠᠶᠠᠰᠬᠤᠯᠠᠩᠲᠤ ᠴᠠᠭᠠᠨ ᠮᠣᠩᠭᠣᠯ ᠭᠡᠷ ᠃
     ᠥᠷᠭᠡᠨ ᠴᠠᠭᠠᠨ  ᠰᠢᠷᠢᠳᠡᠭ ᠳᠡᠭᠡᠷ᠎ᠡ ᠨᠢ
     ᠥᠩᠭᠡ ᠶ᠋ᠢᠨ ᠬᠡᠪᠢᠰ ᠮᠢᠷᠠᠯᠵᠠᠭᠰᠠᠨ
     ᠡᠷᠢᠶᠡᠨ ᠬᠤᠸᠠᠷ ᠲᠠᠢ ᠬᠠᠶ᠋ᠢᠷᠴᠠᠭ ᠳᠡᠭᠡᠷ᠎ᠡ ᠨᠢ
     ᠡᠭᠡᠰᠢᠭᠲᠦ ᠷᠠᠲᠢᠣ᠋ ᠬᠠᠩᠭᠢᠨᠠᠭᠰᠠᠨ
 ᠰᠢᠵᠢᠷ ᠴᠠᠭᠠᠷᠢᠬᠲᠤ ᠭᠠᠩ  ᠳᠦ ᠨᠢ
 ᠰᠢᠮᠡᠲᠦ ᠠᠶ᠋ᠢᠷᠠᠭ  ᠬᠦᠭᠡᠰᠦᠷᠡᠭᠰᠡᠨ
 ᠱ᠌ᠢᠷᠦᠨ ᠤᠯᠠᠭᠠᠨ ᠪᠤᠲᠤᠩ  ᠳᠦ ᠨᠢ
 ᠰᠢᠷ᠎ᠠ ᠲᠣᠰᠣ ᠪᠢᠯᠬᠠᠷᠠᠭᠰᠠᠨ
      ᠴᠡᠭᠡ ᠠᠶ᠋ᠢᠷᠠᠭ ᠬᠠᠩᠬᠤᠯᠤᠭᠰᠠᠨ
      ᠥᠯᠵᠡᠶ᠋ᠢᠲᠦ ᠴᠠᠭᠠᠨ ᠮᠣᠩᠭᠣᠯ ᠭᠡᠷ
      ᠴᠡᠯᠡᠭᠡᠷ ᠲᠠᠯ᠎ᠠ ᠪᠠᠷ  ᠨᠡᠭᠦᠳᠡᠯᠯᠡᠭᠰᠡᠨ
      ᠲᠡᠦᠬᠡᠲᠦ ᠴᠠᠭᠠᠨ ᠮᠣᠩᠭᠣᠯ ᠭᠡᠷ ᠃
 ᠡᠪᠡᠰᠦ ᠤᠰᠤ ᠮᠠᠭᠤᠲᠠᠭᠠᠳ
 ᠬᠥᠲᠡᠯᠦᠶ᠎ᠡ ᠭᠡᠪᠡᠯ ᠠᠴᠢᠴᠢᠬᠠᠨ᠎ᠠ
 ᠥᠨᠥ ᠮᠠᠷᠭᠠᠰᠢ ᠬᠡᠵᠢᠶ᠎ᠡ  ᠴᠤ᠌
 ᠨᠡᠭᠦᠶ᠎ᠡ ᠭᠡᠪᠡᠯ ᠨᠡᠭᠦᠴᠢᠬᠡᠨ᠎ᠡ ᠃
      ᠰᠢᠮᠡᠲᠦ ᠪᠡᠯᠴᠢᠭᠡᠷ ᠬᠠᠮᠢᠬ᠋᠎ᠠ ᠪᠣᠯ
      ᠲᠡᠨᠲᠡ ᠨᠡᠭᠦᠭᠡᠳ ᠪᠠᠭᠤᠴᠢᠬᠠᠨ᠎ᠠ
      ᠰᠢᠨ᠎ᠡ ᠰᠣᠷᠭᠣᠭ ᠨᠤᠲᠤᠭ ᠲᠤ
      ᠥᠷᠭᠥᠭᠡ ᠭᠡᠷ ᠶ᠋ᠢᠡᠨ ᠪᠠᠷᠢᠴᠢᠬᠠᠨ᠎ᠠ ᠃
 ᠨᠠᠷᠠᠨ ᠮᠠᠨᠲᠠᠯᠲᠤ ᠠᠭᠤᠯᠠ ᠶ᠋ᠢᠨ ᠶ᠋ᠢᠡᠨ
 ᠡᠩᠭᠡᠷ ᠳᠡᠭᠡᠷ᠎ᠡ ᠨᠢ ᠪᠠᠭᠤᠴᠠ ᠲᠠᠢ
 ᠨᠠᠪᠴᠢ ᠴᠡᠴᠡᠭᠲᠦ ᠲᠠᠯ᠎ᠠ ᠶ᠋ᠢᠨ ᠶ᠋ᠢᠡᠨ
 ᠡᠯᠢᠭᠡᠨ ᠳᠡᠭᠡᠷ᠎ᠡ ᠨᠢ ᠪᠠᠭᠤᠴᠠ ᠲᠠᠢ
      ᠪᠣᠯᠣᠷ ᠤᠷᠤᠰᠬᠠᠯᠲᠤ ᠭᠣᠣᠯ ᠦ᠋ᠨ ᠶ᠋ᠢᠠᠨ
      ᠳᠡᠨᠵᠢᠨ ᠳᠡᠭᠡᠷ᠎ᠡ ᠨᠢ ᠪᠠᠭᠤᠴᠠ ᠲᠠᠢ
      ᠪᠠᠶᠠᠨ ᠦᠷᠡᠵᠢᠯᠲᠦ  ᠰᠦᠷᠦᠭ ᠦ᠋ᠨ ᠶ᠋ᠢᠡᠨ
      ᠪᠡᠯᠴᠢᠭᠡᠷ ᠳᠡᠭᠡᠷ᠎ᠡ ᠨᠢ ᠪᠠᠭᠤᠴᠠ ᠲᠠᠢ
 ᠰᠦᠯᠲᠡ ᠴᠠᠭᠠᠨ ᠬᠡᠢ ᠮᠣᠷᠢ ᠲᠠᠢ
 ᠭᠡᠷᠡᠯᠲᠦ ᠴᠠᠭᠠᠨ ᠮᠣᠩᠭᠣᠯ ᠭᠡᠷ
 ᠰᠦᠷᠦᠭ ᠮᠠᠯ ᠦ᠋ᠨ ᠳᠠᠯᠠᠯᠬ᠋᠎ᠠ ᠲᠠᠢ
 ᠬᠡᠰᠢᠭᠲᠦ ᠴᠠᠭᠠᠨ ᠮᠣᠩᠭᠣᠯ ᠭᠡᠷ ᠃
      ᠡᠪᠦᠭᠡᠳ ᠦ᠋ᠨ ᠠᠯᠲᠠᠷ ᠊ᠢ ᠳᠠᠭᠤᠷᠢᠰᠬᠠᠭᠰᠠᠨ
      ᠲᠤᠷᠠᠰᠬᠠᠯᠲᠤ ᠴᠠᠭᠠᠨ ᠮᠣᠩᠭᠣᠯ ᠭᠡᠷ
      ᠦᠷᠡᠰ ᠨᠢ ᠵᠠᠯᠭᠠᠵᠤ ᠭᠡᠷᠡᠯᠲᠦᠭᠦᠯᠦᠭᠰᠡᠨ
      ᠤᠯᠠᠮᠵᠢᠯᠠᠯᠲᠤ ᠴᠠᠭᠠᠨ ᠮᠣᠩᠭᠣᠯ ᠭᠡᠷ ᠃


               ᠦᠰᠦᠭ ᠠᠮᠢᠯᠠᠭᠤᠯᠤᠭᠴᠢ ᠄  ᠥᠷᠯᠦᠭ ᠂ ᠰᠠᠷᠠᠨ᠎ᠠ ᠂ ᠪᠦᠷᠢᠨᠵᠢᠷᠭᠠᠯ
                    ᠬᠢᠨᠠᠭᠴᠢ  ᠪᠠᠭ᠍ᠰᠢ᠄ ᠮᠥᠴᠢᠷ