ᠡᠮᠵᠡᠭᠬᠡᠨ ᠬᠦᠷᠡᠩ ᠴᠢᠯᠠᠭᠤ ᠪᠠᠨ ᠡᠮᠲᠡᠯᠵᠦ ᠪᠢᠲᠡᠭᠡᠢ ᠬᠠᠭᠠᠯᠤᠭᠠᠷᠠᠢ – ᠲ · ᠴᠠᠭᠠᠨ Эмзэгхэн хүрэн чулуугаа эмтэлж битгий хагалаарай – Т · Цагаан
ᠡᠮᠵᠡᠭᠬᠡᠨ ᠬᠦᠷᠡᠩ ᠴᠢᠯᠠᠭᠤ ᠪᠠᠨ ᠡᠮᠲᠡᠯᠵᠦ ᠪᠢᠲᠡᠭᠡᠢ ᠬᠠᠭᠠᠯᠤᠭᠠᠷᠠᠢ
ᠲ · ᠴᠠᠭᠠᠨ
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ
ᠴᠡᠩᠬᠡᠷ ᠲᠩᠷᠢ ᠶ᠋ᠢᠨ ᠥᠩᠭᠡ ᠲᠡᠢ
ᠬᠥᠬᠡ ᠴᠢᠯᠠᠭᠤ ᠡᠬᠡ ᠣᠷᠣᠨ
ᠴᠡᠴᠡᠨ ᠤᠬᠠᠭᠠᠨ ᠪ ᠰᠢᠲᠢ ᠲᠡᠢ
ᠴᠠᠬᠢᠭᠤᠷ ᠴᠢᠯᠠᠭᠤ ᠡᠬᠡ ᠣᠷᠣᠨ
ᠴᠡᠭᠡᠨ ᠰᠠᠷᠠᠨ ᠪ ᠭᠡᠷᠡᠯ ᠣᠶ᠋ᠢᠬᠰᠠᠨ
ᠴᠠᠭᠠᠨ ᠴᠢᠯᠠᠭᠤ ᠡᠬᠡ ᠣᠷᠣᠨ
ᠴᠡᠴᠡᠭᠡᠰ ᠦ᠋ᠨ ᠥᠩᠭᠡ ᠪᠡᠷ ᠰᠣᠯᠣᠩᠭᠠᠷᠠᠭᠰᠠᠨ
ᠭᠣᠪᠢ ᠶ᠋ᠢᠨ ᠴᠢᠯᠠᠭᠤ ᠡᠬᠡ ᠣᠷᠣᠨ
ᠡᠬᠡ ᠳᠡᠯᠡᠬᠡᠢ ᠶ᠋ᠢᠨ ᠴᠢᠯᠠᠭᠤ ᠶ᠋ᠢ
ᠡᠩᠬᠦᠷᠡᠶ᠋ᠢᠯᠡᠨ ᠬᠠᠶ᠋ᠢᠷᠠᠯᠠᠵᠤ ᠶᠠᠪᠤᠭᠠᠷᠠᠢ ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ ᠃
ᠡᠩᠬᠡ ᠮᠡᠨᠲᠦ ᠶ᠋ᠢᠨ ᠠᠮᠢᠨ ᠰᠠᠬᠢᠶ᠎ᠠ
ᠡᠰᠡᠨᠢᠯ ᠮᠠᠨᠲᠤᠯ ᠦ᠋ᠨ ᠤᠶᠠᠩᠭᠠᠨ ᠲᠦᠷᠡᠯᠭᠡ
ᠡᠪ ᠪᠦᠯᠬᠦᠮᠲᠡᠯ ᠦ᠋ᠨ ᠲᠣᠷᠭᠠᠨ ᠵᠤᠯᠠᠢ
ᠡᠪᠲᠡᠷᠡᠰᠢ ᠦᠭᠡᠢ ᠪᠠᠲᠤ ᠲᠠᠩᠭᠠᠷᠢᠬ
ᠡᠬᠡ ᠣᠷᠣᠨ ᠪ ᠮᠢᠨᠢ ᠯᠤᠭᠰᠢᠬᠤ ᠵᠢᠷᠦᠬᠡ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠶ᠋ᠢᠯᠡᠨ ᠬᠠᠶ᠋ᠢᠷᠠᠯᠠᠵᠤ ᠶᠠᠪᠤᠭᠠᠷᠠᠢ ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ ᠃
ᠡᠴᠢᠭᠡ ᠶ᠋ᠢᠨ ᠮᠢᠨᠢ ᠲᠡᠭᠷᠢᠯᠢᠭ ᠰᠦᠷ
ᠡᠵᠢ ᠶ᠋ᠢᠨ ᠮᠢᠨᠢ ᠠᠩᠭᠢᠷ ᠤᠭᠤᠷᠠᠭ
ᠡᠩᠬᠦᠷᠡᠢ ᠦᠷᠡᠰ ᠦ᠋ᠨ ᠮᠢᠨᠢ ᠬᠣᠩᠭᠣᠷ ᠵᠤᠯᠠᠢ
ᠡᠬᠡ ᠣᠷᠣᠨ ᠪ ᠮᠢᠨᠢ ᠶᠢᠰᠦᠨ ᠡᠷᠲᠡᠨᠢ
ᠡᠷᠡᠯᠬᠡᠭ ᠪᠦᠷᠭᠦᠳ ᠦ᠋ᠨ ᠰᠣᠲᠣᠨ ᠵᠢᠭᠦᠷ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠶ᠋ᠢᠯᠡᠨ ᠬᠠᠶ᠋ᠢᠷᠠᠯᠠᠵᠤ ᠶᠠᠪᠤᠭᠠᠷᠠᠢ ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠤᠯᠤᠭᠠᠷᠠᠢ ᠃
ᠡᠷᠲᠡᠨᠢ ᠰᠣᠶᠣᠯ ᠦ᠋ᠨ ᠣᠶᠤᠨ ᠪ ᠭᠠᠶ᠋ᠢᠬᠠᠮᠰᠢᠬ
ᠡᠷᠲᠡᠨ ᠪ ᠬᠠᠲᠠᠨ ᠵᠢᠷᠤᠭ ᠦ᠋ᠨ ᠪᠠᠶ᠋ᠢᠭᠠᠯᠢ ᠶ᠋ᠢᠨ ᠮᠦᠽᠸᠢ
ᠡᠷᠬᠡ ᠴᠢᠯᠥᠭᠡᠨ ᠪ ᠲᠥᠯᠥᠭᠡ ᠡᠷᠡᠰᠲᠡᠵᠦ ᠲᠤᠰᠤᠭᠰᠠᠨ
ᠡᠷ᠎ᠡ ᠬᠥᠮᠦᠨ ᠪ ᠴᠢᠰᠤᠨ ᠴᠢᠯᠠᠭᠤᠵᠢᠮᠠᠯ
ᠡᠩᠬᠡ ᠲᠠᠶ᠋ᠢᠪᠤᠩ ᠦ᠋ᠨ ᠴᠠᠭᠠᠨ ᠲᠠᠭᠲᠠᠬ᠋᠎ᠠ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠶ᠋ᠢᠯᠡᠨ ᠬᠠᠶ᠋ᠢᠷᠠᠯᠠᠵᠤ ᠶᠠᠪᠤᠭᠠᠷᠠᠢ ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ ᠃
《 ᠬᠢᠩᠭᠠᠨ ᠳᠠᠯᠠᠢ 》 ᠶ᠋ᠢ ᠰᠢᠷᠭᠢᠭᠡᠭᠰᠡᠨ
ᠲᠡᠦᠬᠡ ᠶ᠋ᠢᠨ ᠪᠤᠭᠤᠷᠤᠯ ᠣᠨᠢᠰᠣᠬ᠋᠎ᠠ
ᠬᠡᠭᠡᠷ᠎ᠡ ᠭᠣᠪᠢ ᠶ᠋ᠢ ᠲᠤᠭᠤᠯᠤᠭᠰᠠᠨ
ᠲᠡᠮᠡᠭᠡᠨ ᠵᠢᠩ ᠦ᠋ᠨ ᠴᠤᠪᠤᠬ᠋ᠠ
ᠬᠡᠴᠢᠨᠡᠭᠡᠨ ᠵᠠᠭᠤᠨ ᠊ᠢ ᠡᠯᠡᠭᠡᠭᠰᠡᠨ
ᠬᠥᠮᠦᠨ ᠴᠢᠯᠠᠭᠤᠨ ᠬᠥᠰᠢᠶ᠎ᠡ
ᠬᠡᠭᠡᠨᠴᠢᠷ ᠰᠠᠶ᠋ᠢᠬᠠᠨ ᠨᠤᠲᠤᠭ ᠦ᠋ᠨ
ᠨᠠᠷᠠᠨ ᠪ ᠬᠦᠷᠡᠩ ᠴᠢᠯᠠᠭᠤ
ᠬᠡᠨ ᠴᠤ᠌ ᠬᠥᠨᠲᠡᠵᠦ ᠪᠣᠯᠣᠰᠢ ᠦᠭᠡᠢ
ᠲᠤᠯᠬ᠋ᠠ ᠶ᠋ᠢᠨ ᠭᠤᠷᠪᠠᠨ ᠴᠢᠯᠠᠭᠤ
ᠡᠬᠡ ᠳᠡᠯᠡᠬᠡᠢ ᠶ᠋ᠢᠨ ᠴᠢᠯᠠᠭᠤ ᠶ᠋ᠢ
ᠡᠩᠬᠦᠷᠡᠶ᠋ᠢᠯᠡᠨ ᠬᠠᠶ᠋ᠢᠷᠠᠯᠠᠵᠤ ᠶᠠᠪᠤᠭᠠᠷᠠᠢ ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ᠃
ᠥᠨᠲᠥᠷ ᠲᠡᠭᠷᠢ ᠶ᠋ᠢᠨ ᠣᠲᠣᠳ ᠲᠠᠢ
ᠢᠵᠢᠯᠢᠬᠡᠨ ᠵᠠᠶᠠᠬ᠋᠎ᠠ ᠬᠤᠪᠢᠶᠠᠯᠴᠠᠵᠤ
ᠥᠭᠡᠲᠡ ᠲᠡᠢ ᠤᠷᠤᠭᠤ ᠲᠠᠢ ᠠᠮᠢᠲᠤᠷᠠᠯ ᠊ᠢ
ᠥᠷᠥᠪᠴᠢᠬᠡᠨ ᠰᠡᠤᠠᠬᠢᠯ ᠶ᠋ᠢᠡᠷ ᠪᠥᠬᠡᠴᠡᠶ᠋ᠢᠯᠡᠵᠦ
《 ᠥᠨᠥᠴᠢᠨ ᠴᠠᠭᠠᠨ ᠪᠣᠲᠣᠭᠣ 》 ᠪᠠᠨ
ᠰᠥᠨᠢᠵᠢᠨ ᠪᠥᠪᠠᠶ᠋ᠢᠯᠡᠨ ᠠᠷᠭᠠᠲᠠᠵᠤ
ᠥᠷᠥᠰᠢᠶᠡᠯ ᠶᠡᠬᠡᠲᠡᠢ ᠪᠠᠶ᠋ᠢᠭᠠᠯᠢ ᠠ᠋ᠴᠠ
ᠥᠮᠴᠢᠯᠡᠵᠦ ᠠᠪᠤᠭᠰᠠᠨ ᠥᠪ ᠮᠢᠨᠢ
ᠡᠪᠦᠭᠡ ᠳᠡᠭᠡᠳᠦᠰ ᠦ᠋ᠨ ᠮᠢᠨᠢ
ᠦᠯᠡᠲᠡᠭᠡᠵᠦ ᠥᠭᠭᠦᠭᠰᠡᠨ ᠰᠢᠷᠣᠢ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠶ᠋ᠢᠯᠡᠨ ᠬᠠᠶ᠋ᠢᠷᠠᠯᠠᠵᠤ ᠶᠠᠪᠤᠭᠠᠷᠠᠢ ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ᠃
ᠡᠷᠢᠶᠡᠨ ᠭᠣᠪᠢ ᠶ᠋ᠢᠨ ᠡᠷᠡᠬᠡᠢ ᠶ᠋ᠢᠨ ᠴᠢᠨᠡᠭᠡᠨ ᠴᠢᠯᠠᠭᠤᠨ ᠳᠡᠭᠡᠷ᠎ᠡ
ᠡᠬᠡ ᠣᠷᠣᠨ ᠪ ᠮᠢᠨᠢ ᠪᠦᠲᠦᠨ ᠵᠠᠶᠠᠬ᠋᠎ᠠ ᠪᠠᠭᠲᠠᠲᠠᠭ ᠶᠤᠮ
ᠡᠯᠢᠭᠡ ᠪᠦᠲᠦᠨ ᠠᠮᠢᠲᠤᠷᠠᠯ ᠦ᠋ᠨ
ᠡᠩᠬᠡ ᠶ᠋ᠢᠨ ᠪᠠᠶᠠᠷ ᠵᠢᠷᠭᠠᠯᠠᠩ ᠴᠠᠯᠭᠢᠲᠠᠭ ᠶᠤᠮ ᠭᠡᠵᠦ
ᠡᠴᠢᠭᠡ ᠮᠢᠨᠢ ᠰᠤᠷᠭᠠᠭᠰᠠᠨ ᠶᠤᠮ
ᠡᠵᠢ ᠮᠢᠨᠢ ᠵᠠᠬᠢᠬᠰᠠᠨ ᠶᠤᠮ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠶ᠋ᠢᠯᠡᠨ ᠬᠠᠶ᠋ᠢᠷᠠᠯᠠᠵᠤ ᠶᠠᠪᠤᠭᠠᠷᠠᠢ ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ ᠃
ᠦᠰᠦᠭ ᠠᠮᠢᠯᠠᠭᠤᠯᠤᠭᠴᠢ ᠄ ᠬᠠᠢ ᠶᠢᠩ ᠂ ᠪᠤᠤ ᠿᠦᠩ ᠬᠤᠸᠠ ᠃
ᠬᠢᠨᠠᠭᠴᠢ ᠪᠠᠭ᠍ᠰᠢ ᠄ ᠮᠥᠴᠢᠷ
