ᠮᠣᠩᠭᠣᠯ ᠭᠡᠷ – ᠠᠷᠲᠠᠢ Монгол гэр – Артай
ᠮᠤᠩᠭᠤᠯ ᠭᠡᠷ
ᠠᠷᠲᠠᠢ
ᠨᠣᠭᠣᠭᠠᠨ ᠲᠠᠯ᠎ᠠ ᠶ᠋ᠢᠨ ᠬᠠᠭᠠᠨ
ᠴᠠᠭᠠᠨ ᠰᠦ᠋ ᠶ᠋ᠢᠨ ᠰᠠᠩ
ᠮᠢᠨᠦ ᠮᠣᠩᠭᠣᠯ ᠬᠡᠷ
ᠮᠢᠨᠦ ᠮᠣᠩᠭᠣᠯ ᠳᠡᠯᠡᠬᠡᠢ
ᠡᠷᠲᠡᠮ ᠦ᠋ᠨ ᠪᠣᠱᠣᠬ᠋᠎ᠠ ᠨᠢᠷᠤᠭᠤᠨ ᠳᠦ ᠪᠠᠨ
ᠮᠣᠩᠭᠣᠯ ᠦ᠋ᠨ ᠤᠲᠤᠮ ᠊ᠢ ᠠᠯᠠᠪᠬᠢᠭᠤᠯᠵᠤ
ᠡᠩᠬᠡ ᠶ᠋ᠢᠨ ᠳᠠᠯᠪᠠᠬ᠋ᠠ ᠬᠤᠷᠤᠶ᠋ᠢᠯᠠᠭᠤᠯᠤᠭᠰᠠᠨ
ᠮᠥᠩᠭᠥᠨ ᠠᠵᠢᠨᠠᠢ ᠲᠠ ᠪᠢᠯᠡ ᠃
ᠬᠠᠮᠢᠬ᠋᠎ᠠ ᠭᠠᠵᠠᠷ ᠢᠯᠭᠠᠯ ᠦᠭᠡᠢ
ᠬᠠᠨ᠎ᠠ ᠯᠡ ᠶᠤᠮ ᠪᠣᠯ ᠲᠠ ᠨᠠᠷ
ᠬᠠᠨ᠎ᠠ ᠶ᠋ᠢᠨ ᠠᠮᠠ ᠰᠢᠭ᠋ ᠨᠡᠶ᠋ᠢᠯᠡ ᠭᠡᠰᠡᠨ
ᠬᠠᠰᠢᠷ ᠰᠤᠷᠭᠠᠯ ᠲᠠ ᠪᠢᠯᠡ ᠃
ᠳᠣᠲᠣᠷ᠎ᠠ ᠠ᠋ᠴᠠ ᠲᠦᠷᠦᠭᠰᠡᠨ ᠮᠡᠷᠭᠡᠳ ᠶ᠋ᠢᠡᠨ
ᠲᠣᠭᠣᠵᠤ ᠣᠨᠢ ᠨᠢ ᠪᠣᠯᠵᠤ
ᠲᠣᠭᠣᠨᠣ ᠰᠢᠭ᠋ ᠶ᠋ᠢᠡᠨ ᠡᠷᠭᠦ ᠭᠡᠰᠡᠨ
ᠲᠣᠭᠲᠠᠭᠠᠯ ᠬᠢᠴᠢᠶᠡᠯ ᠲᠠ ᠪᠢᠯᠡ ᠃
ᠲᠠᠯ᠎ᠠ ᠂ ᠭ᠌ᠷᠠᠲᠦ᠋ᠰ ᠦ᠋ᠨ ᠡᠷᠬᠢᠮᠰᠦᠭ
ᠲᠠᠯᠠᠪᠠᠢ ᠂ ᠡᠵᠡᠯᠡᠬᠦᠨ ᠪ ᠶᠡᠬᠡᠮᠰᠦᠭ
ᠲᠣᠭᠣᠷᠢᠬ ᠂ ᠱᠣᠷᠣᠯᠵᠢᠨ ᠪ ᠭᠣᠶᠣᠮᠰᠣᠭ
ᠲᠣᠭᠠᠨ ᠪ ᠭᠠᠶ᠋ᠢᠬᠠᠮᠰᠢᠬ ᠲᠠ ᠪᠢᠯᠡ ᠃
ᠨᠣᠭᠣᠭᠠᠨ ᠲᠩᠷᠢ ᠶ᠋ᠢᠨ ᠣᠲᠣ
ᠴᠠᠭᠠᠨ ᠰᠡᠤᠠᠬᠢᠯ ᠦ᠋ᠨ ᠰᠣᠲᠣ
ᠮᠣᠩᠭᠣᠯ ᠮᠢᠨᠦ ᠭᠡᠷ
ᠮᠣᠩᠭᠣᠯ ᠬᠥᠮᠦᠨ ᠪ ᠨᠡᠷ᠎ᠡ ᠃
ᠦᠰᠦᠭ ᠠᠮᠢᠯᠠᠭᠤᠯᠤᠭᠴᠢ ᠄ ᠳ᠋ᠦ᠋ᠩ ᠢᠦᠢ ᠯᠢᠩ
ᠬᠢᠨᠠᠭᠴᠢ ᠪᠠᠭ᠍ᠰᠢ ᠄ ᠮᠥᠴᠢᠷ
