ᠲᠩᠷᠢ ᠶ᠋ᠢᠨ ᠪᠣᠲᠣᠭᠣ – ᠯᠸ᠊ · ᠡᠩᠬᠡᠬᠠᠲᠠ Тэнгэрийн ботго – Л ·Энххад
ᠲᠩᠷᠢ ᠶ᠋ᠢᠨ ᠪᠣᠲᠣᠭᠣ
ᠯᠸ᠊ · ᠡᠩᠬᠡᠬᠠᠲᠠ
ᠲᠡᠮᠡᠭᠡ — ᠲᠩᠷᠢ ᠶ᠋ᠢᠨ ᠪᠣᠲᠣᠭᠣ
ᠲᠡᠮᠡᠭᠡ — ᠳᠡᠪᠡᠯ ᠲᠡᠢ ᠤᠯᠤᠰ ᠦ᠋ᠨ ᠲᠡᠭᠷᠢᠯᠢᠭ ᠤᠨᠤᠬ᠋᠎ᠠ
ᠲᠡᠮᠡᠭᠡ — ᠲᠡᠰᠪᠦᠷᠢ ᠪᠡᠨ ᠨᠢᠭᠤᠭᠰᠠᠨ ᠭᠠᠵᠠᠷ ᠦ᠋ᠨ ᠲᠡᠩᠬᠡᠭᠡ ᠃
ᠪᠡᠶ᠎ᠡ ᠶ᠋ᠢ ᠨᠢ ᠬᠠᠷᠠᠬᠤ ᠳᠦ ᠢᠲᠡᠭᠡᠯ ᠬᠠᠶ᠋ᠢᠷᠠᠯᠠᠲᠠᠭ
ᠪᠠᠶ᠋ᠢᠷᠢᠨ ᠳᠦ ᠪᠠᠨ ᠪᠠᠶ᠋ᠢᠬᠤ ᠳᠦ ᠪᠠᠶᠠᠨ ᠬᠠᠷᠠᠭᠲᠠᠲᠠᠭ
ᠪᠤᠤᠷ᠎ᠠ ᠲᠠᠢ ᠪᠠᠨ ᠪᠡᠯᠴᠢᠬᠦ ᠳᠦ ᠠᠮᠤᠭᠤᠯᠠᠩ ᠠᠮᠢᠲᠠᠨ ᠭᠡᠭᠴᠢ ᠲᠡᠮᠡᠭᠡ ᠃
ᠠᠷᠪᠠᠨ ᠭᠤᠷᠪᠠᠨ ᠰᠠᠷ᠎ᠠ ᠲᠡᠭᠡᠭᠡᠭᠰᠡᠨ ᠪᠣᠲᠣᠭᠣ ᠪᠠᠨ ᠲᠥᠷᠥᠬᠦ ᠳᠦ
ᠠᠯᠠᠭ ᠬᠣᠷᠸ᠋᠎ᠠ ᠠ᠋ᠴᠠ ᠰᠢᠯᠢᠷᠡᠵᠦ ᠨᠢᠭᠡ ᠵᠣᠪᠠᠲᠠᠭ
ᠠᠶᠠᠨ ᠪ ᠠᠯᠤᠰ ᠲᠤ ᠲᠠᠪᠠᠭ ᠨᠢ ᠴᠣᠭᠣᠷᠤᠭᠰᠠᠨ ᠴᠤ᠌
ᠠᠪᠤ ᠶ᠋ᠢᠨ ᠨᠤᠲᠤᠭ ᠠ᠋ᠴᠠ ᠰᠠᠯᠵᠤ ᠶᠡᠷᠦ ᠨᠢ ᠦᠵᠡᠭᠡ ᠦᠭᠡᠢ ᠃
ᠡᠭᠦᠯᠡ ᠰᠡᠮᠡᠯᠦᠮᠡ ᠪᠦᠬᠦ ᠶ᠋ᠢᠨ ᠬᠢᠨᠢ ᠳᠤᠮᠳᠠ ᠥᠰᠦᠭᠰᠡᠨ ᠬᠡᠦᠬᠡᠳ ᠦ᠋ᠳ
ᠥᠨᠲᠥᠷ ᠲᠤ ᠳᠤᠷᠠᠲᠠᠢ ᠪᠣᠯᠵᠤ ᠲᠣᠮᠣᠭᠠᠵᠢᠲᠠᠭ ᠶᠤᠮ
ᠥᠨᠲᠥᠷᠲᠡᠭᠡᠳ ᠡᠭᠦᠯᠡᠨ ᠳᠦ ᠲᠥᠭᠡᠷᠢᠴᠢᠬᠡᠬᠦ ᠴᠤ᠌ ᠪᠣᠯᠪᠠ ᠤᠤ ? ᠭᠡᠵᠦ ᠰᠥᠭᠥᠤᠠᠬᠦ ᠳᠦ ᠨᠢ
ᠥᠷᠥ ᠡᠪᠡᠤᠠᠴᠦ ᠬᠦᠯᠢᠶᠡᠳᠡᠭ ᠭᠠᠵᠠᠷ ᠤᠰᠤ ᠨᠢ
ᠵᠠᠭ ᠦ᠋ᠨ ᠬᠥᠬᠡ ᠮᠥᠴᠢᠷ ᠶ᠋ᠢᠡᠨ ᠳᠡᠪᠢᠰᠴᠦ ᠨᠢᠯᠬᠠᠷᠠᠲᠠᠭ ᠶᠤᠮ ᠃
ᠬᠥᠮᠦᠨ ᠪᠠᠶ᠋ᠢᠭᠠᠯᠢ ᠳᠦ ᠠᠮᠠᠷᠬᠠᠨ ᠳᠠᠰᠳᠠᠭ ᠶ᠋ᠢᠠᠷ ᠶ᠋ᠢᠠᠨ
ᠭᠦᠨ ᠭᠣᠪᠢ ᠳᠦ ᠲᠡᠮᠡᠭᠡ ᠥᠤᠠᠬᠡᠨ ᠦᠷᠡᠵᠢᠭᠰᠡᠨ ᠲᠡᠦᠬᠡ ᠲᠡᠢ
ᠬᠦᠷᠡᠩ ᠬᠠᠷ᠎ᠠ ᠨᠢᠲᠦᠨ ᠳᠦ ᠨᠢ ᠬᠥᠬᠡ ᠲᠩᠷᠢ ᠥᠪᠡᠷ ᠶ᠋ᠢᠡᠨ ᠪᠠᠭᠲᠠᠵᠤ ᠴᠢᠲᠠᠲᠠᠭ ᠠ᠋ᠴᠠ
ᠬᠥᠯᠥᠰᠥ ᠲᠡᠢ ᠣᠷᠴᠢᠯᠠᠩ ᠦ᠋ᠨ ᠵᠣᠪᠠᠯ ᠵᠦᠲᠡᠭᠦᠷᠢ ᠶ᠋ᠢ
ᠬᠥᠭᠡᠷᠦᠬᠦᠢ ᠲᠡᠮᠡᠭᠡᠨ ᠳᠦ ᠪᠡᠨ ᠯᠠ ᠲᠡᠩ ᠬᠤᠪᠢᠶᠠᠵᠤ ᠠᠴᠢᠶᠠᠯᠠᠭᠰᠠᠨ ᠶᠤᠮ ᠃
ᠭᠠᠲᠠᠨ᠎ᠠ ᠪᠠᠨ ᠲᠡᠮᠡᠭᠡ ᠲᠡᠢ ᠠᠶ᠋ᠢᠯ ᠳᠤᠯᠠᠭᠠᠬᠠᠨ ᠰᠠᠨᠠᠭᠲᠠᠲᠠᠭ ᠶᠤᠮ
ᠭᠠᠯᠪᠠ ᠶ᠋ᠢᠨ ᠭᠣᠪᠢ ᠳᠦ ᠲᠡᠮᠡᠭᠡ ᠪᠠᠶ᠋ᠢᠬᠤ ᠪᠠᠷ ᠠᠭᠤᠵᠢᠮ ᠬᠠᠷᠠᠭᠲᠠᠲᠠᠭ ᠶᠤᠮ ᠃
ᠪᠣᠷᠪᠢ ᠲᠠᠢ ᠤᠰᠤ ᠲᠡᠩᠨᠡᠭᠡᠳ ᠯᠠ ᠪᠣᠰᠬᠤ ᠪᠠᠷ
ᠪᠤᠲᠤᠷᠭᠠᠨᠠᠲᠦ ᠬᠥᠲᠡᠭᠡ ᠨᠢ ᠴᠠᠩᠭᠠᠬ᠋ᠠ ᠪᠠᠨ ᠲᠠᠶ᠋ᠢᠯᠵᠤ ᠬᠣᠲᠤᠯᠵᠠᠲᠠᠭ
ᠪᠣᠲᠣᠭᠣᠨ ᠳᠦ ᠪᠠᠨ ᠬᠦᠷᠬᠦ ᠵᠥᠭᠡᠯᠡᠨ ᠪᠤᠶ᠋ᠢᠯᠠᠭᠠᠨ ᠳᠦ ᠨᠢ
ᠪᠤᠶᠠᠨᠲᠤ ᠪᠤᠭᠤᠷᠤᠯ ᠦ᠋ᠳ ᠮᠢᠨᠢ ᠬᠤᠭᠤᠷ ᠶ᠋ᠢᠠᠨ ᠬᠦᠭᠯᠡᠵᠦ ᠤᠬᠢᠯᠠᠲᠠᠭ ᠃
ᠵᠤᠳ ᠰᠢᠭᠤᠷᠬ᠋ᠠ ᠬᠥᠯᠯᠡᠬᠦ ᠪᠡᠷ ᠨᠢ
ᠵᠣᠭᠲᠣᠷ ᠶ᠋ᠢᠠᠨ ᠳᠡᠪᠢᠰᠴᠦ ᠦᠷ᠎ᠡ ᠪᠡᠨ ᠥᠮᠥᠭᠡᠷᠡᠲᠡᠭ᠋ ᠬᠠᠶ᠋ᠢᠷ᠎ᠠ ᠭᠡᠭᠴᠢ ᠲᠡᠮᠡᠭᠡ
ᠵᠢᠯᠪᠢ ᠶ᠋ᠢᠨ ᠪᠣᠣᠬᠠᠢ ᠳᠠᠭᠠᠷᠢᠬᠤ ᠪᠠᠷ ᠨᠢ
ᠵᠢᠭᠦᠷᠲᠡᠨ ᠲᠥᠭᠡᠷᠢᠳᠡᠭ ᠵᠠᠭ ᠦ᠋ᠨ ᠰᠢᠭᠤᠢ ᠳᠦ ᠪᠠᠨ ᠳᠠᠯᠳᠠᠯᠠᠳᠠᠭ ᠤᠬᠠᠭᠠᠨ ᠭᠡᠵᠦ ᠲᠡᠮᠡᠭᠡ
ᠥᠷᠭᠡᠨ ᠲᠠᠯ᠎ᠠ ᠳᠦ ᠪᠠᠶ᠋ᠢᠬᠤ ᠳᠦ ᠪᠠᠨ
ᠥᠷᠭᠡᠰᠦᠲᠦ ᠡᠮᠬᠦᠵᠦ ᠡᠭᠦᠯᠡ ᠬᠠᠷᠠᠨ ᠬᠡᠪᠢᠳᠡᠭ ᠥᠷᠪᠡᠯᠭᠡ ᠲᠠᠢ 《 ᠵᠠᠭᠠᠨ 》
ᠦᠨᠡᠰᠦᠨ ᠳᠡᠭᠡᠷ᠎ᠡ ᠢᠷᠡᠵᠦ ᠬᠥᠷᠪᠡᠬᠦ ᠳᠦ ᠪᠡᠨ
ᠠᠤᠠᠬᠤ ᠪᠤᠷᠠᠮ ᠳᠦ ᠬᠠᠭᠤᠷᠲᠠᠨ ᠬᠠᠮᠠᠷᠯᠠᠭᠤᠯᠲᠠᠭ ᠲᠡᠵᠢᠭᠡᠪᠦᠷᠢ 《 ᠪᠤᠭᠤ 》 ᠃
ᠬᠤᠷᠢᠮ ᠦ᠋ᠨ ᠭᠠᠵᠠᠷ ᠰᠠᠷ᠎ᠠ ᠪᠠᠷ ᠰᠣᠶ᠋ᠢᠬᠲᠠᠬᠤ
ᠬᠣᠮ ᠲᠠᠢ ᠠᠲᠠᠳ ᠦ᠋ᠨ
ᠬᠣᠷᠭᠣᠯ ᠨᠢ ᠬᠦᠷᠲᠡᠯ᠎ᠡ ᠢᠯᠴᠢ ᠲᠡᠢ ᠶᠤᠮ᠃
ᠬᠣᠯᠠ ᠶ᠋ᠢᠨ ᠠᠶᠠᠨ ᠳᠦ ᠵᠢᠯ ᠶ᠋ᠢᠡᠷ ᠵᠢᠤᠠᠬᠦᠬᠦ
ᠬᠤᠷ ᠲᠠᠢ ᠲᠡᠮᠡᠭᠡᠳ ᠦ᠋ᠨ
ᠬᠣᠩᠬᠣ ᠨᠢ ᠬᠦᠷᠲᠡᠯ᠎ᠡ ᠬᠤᠷᠴᠠ ᠬᠡᠯᠡ ᠲᠡᠢ ᠶᠤᠮ ᠃
ᠬᠤᠭᠤᠷ ᠶ᠋ᠢᠠᠨ ᠪᠦᠬᠦᠨ ᠳᠦ ᠨᠢ ᠵᠡᠭᠦᠭᠡᠳ ᠯᠡ ᠶᠠᠪᠤᠬᠤ ᠳᠦ
ᠬᠣᠷᠸ᠋᠎ᠠ ᠪᠦᠷ ᠳᠠᠭᠤᠯᠠᠴᠢᠬᠠᠭᠰᠠᠨ ᠯᠠ ᠪᠠᠶ᠋ᠢᠲᠠᠭ
ᠬᠠᠷᠢ ᠳᠦ ᠮᠣᠷᠲᠠᠬᠤ ᠬᠡᠦᠬᠡᠨ ᠬᠥᠮᠦᠨ ᠤᠨᠤᠭᠠᠳ ᠯᠠ ᠭᠠᠷᠬᠤ ᠳᠦ
ᠬᠣᠭᠣᠷᠣᠨᠲᠣ ᠠ᠋ᠴᠠ ᠨᠢ ᠪᠦᠷ ᠤᠬᠢᠯᠠᠴᠢᠬᠠᠭᠰᠠᠨ ᠯᠠ ᠪᠠᠶ᠋ᠢᠲᠠᠭ ᠃
ᠬᠣᠷᠸ᠋᠎ᠠ ᠶ᠋ᠢᠨ ᠰᠠᠶ᠋ᠢᠬᠠᠨ ᠠᠮᠢᠲᠠᠨ ᠲᠡᠮᠡᠭᠡ
ᠬᠠᠷᠠᠴᠤ ᠬᠥᠮᠦᠨ ᠪ ᠲᠠᠯᠪᠢᠬᠰᠠᠨ
ᠬᠠᠰ ᠦ᠋ᠨ ᠲᠠᠮᠠᠬ᠋᠎ᠠ ᠲᠠᠢ ᠪᠠᠨ ᠴᠣᠭ
ᠬᠠᠨ ᠲᠡᠭᠷᠢ ᠳᠦ ᠪᠡᠨ ᠬᠠᠷᠢᠬᠤ ᠪᠣᠯᠪᠠ ᠃
ᠲᠡᠮᠦᠷ ᠦ᠋ᠨ ᠵᠢᠪᠡ ᠬᠠᠩᠬᠤᠯᠵᠤ ᠬᠠᠮᠠᠷ ᠭᠠᠲᠠᠨ᠎ᠠ
ᠲᠠᠤᠯᠠᠢ ᠶ᠋ᠢᠨ ᠲᠣᠣᠷ ᠬᠡᠷᠴᠢᠯᠲᠦᠵᠦ ᠬᠠᠷᠠᠬ᠋᠎ᠠ ᠪᠠᠯᠠᠷᠠᠨ᠎ᠠ
ᠬᠥᠮᠦᠨ ᠪᠠᠶ᠋ᠢᠭᠠᠯᠢ ᠥᠰᠢᠯᠲᠦᠵᠦ ᠬᠣᠷᠸ᠋᠎ᠠ ᠵᠢᠵᠢᠭᠷᠡᠨᠡ
ᠲᠡᠮᠡᠭᠡ ᠮᠠᠯᠴᠢᠨ ᠬᠣᠶᠠᠷ ᠯᠡ ᠵᠢᠷᠦᠬᠡᠨ ᠳᠦ ᠪᠡᠨ ᠨᠢᠯᠪᠤᠰᠤ ᠲᠠᠢ ᠃
ᠲᠩᠷᠢ ᠳᠠᠰᠤᠨ ᠳᠡᠰᠦᠭᠰᠡᠭᠡᠷ ᠬᠢᠯᠢᠩᠨᠡᠪᠡ
ᠲᠡᠮᠡᠭᠡ ᠪᠡᠨ ᠬᠤᠷᠢᠶᠠᠬᠤ ᠵᠠᠷᠯᠢᠬ ᠪᠠᠭᠤᠯᠭᠠᠪᠠ
ᠲᠡᠭᠦᠨ ᠳᠡᠭᠡᠷ᠎ᠡ ᠨᠢ 《 ᠬᠥᠮᠦᠨ ᠲᠥᠷᠥᠯᠬᠢᠲᠡᠨ ᠳᠦ 》 ᠭᠡᠵᠦ ᠬᠠᠶᠢᠬᠯᠠᠭᠰᠠᠨ ᠪᠠᠶ᠋ᠢᠪᠠ
ᠲᠩᠷᠢ – ᠲᠡᠮᠡᠭᠡ ᠪᠡᠨ ᠬᠤᠷᠢᠶᠠᠪᠠ
ᠲᠡᠷᠭᠡᠯ ᠭᠣᠪᠢ ᠲᠡᠭᠷᠢᠯᠢᠭ ᠤᠨᠤᠬ᠋᠎ᠠ ᠪᠠᠨ ᠠᠯᠲᠠᠵᠤ ᠶᠠᠪᠠᠭᠠᠷᠠᠪᠠ ᠃
ᠲᠩᠷᠢ ᠶ᠋ᠢᠨ ᠪᠣᠲᠣᠭᠣ ᠲᠡᠭᠷᠢ ᠳᠦ ᠪᠠᠨ ᠬᠠᠷᠢᠬᠤ ᠳᠦ
ᠲᠡᠵᠢᠭᠡᠵᠦ ᠥᠰᠭᠡᠭᠰᠡᠨ ᠮᠣᠩᠭᠣᠯ ᠣᠷᠣᠨ ᠡᠩᠭᠡᠷ ᠳᠦᠭᠦᠷᠡᠩ ᠨᠢᠯᠪᠤᠰᠤ ᠲᠠᠢ ᠃
ᠦᠰᠦᠭ ᠠᠮᠢᠯᠠᠭᠤᠯᠤᠭᠰᠠᠨ ᠨᠢ ᠄ ᠤᠷᠠᠨᠲᠣᠭᠤᠰ
ᠬᠢᠨᠠᠭᠴᠢ ᠪᠠᠭᠰᠢ ᠄ ᠤᠤᠠᠬᠠᠨᠰᠸ᠋ᠠ
