ᠰᠢᠵᠢᠷ ᠦᠶ᠎ᠡ ᠶᠢᠨ ᠴᠣᠮᠣᠷᠯᠢᠭ ᠤᠳ ᠮᠢᠨᠢ – ᠨᠠ‍ ᠂ ᠰᠠᠶ᠋ᠢᠨᠴᠣᠭᠲᠣ Шижир үеийн цоморлогууд минь – на ᠂ сайнцогт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠵᠢᠷ ᠦᠶ᠎ᠡ ᠶᠢᠨ ᠴᠣᠮᠣᠷᠯᠢᠭ ᠤᠳ ᠮᠢᠨᠢ – ᠨᠠ‍ ᠂ ᠰᠠᠶ᠋ᠢᠨᠴᠣᠭᠲᠣ Шижир үеийн цоморлогууд минь – на ᠂ сайнцогт

ᠰᠢᠵᠢᠷ ᠦᠶ᠎ᠡ ᠶᠢᠨ ᠴᠣᠮᠣᠷᠯᠢᠭ ᠤᠳ ᠮᠢᠨᠢ – ᠨᠠ‍ ᠂ ᠰᠠᠶ᠋ᠢᠨᠴᠣᠭᠲᠣ Шижир үеийн цоморлогууд минь – на ᠂ сайнцогт

2023-02-25

340

ᠰᠢᠵᠢᠷ ᠦᠶ᠎ᠡ ᠶᠢᠨ ᠴᠣᠮᠣᠷᠯᠢᠭ ᠤᠳ ᠮᠢᠨᠢ


              ᠨᠠ‍ ᠂ ᠰᠠᠶ᠋ᠢᠨᠴᠣᠭᠲᠣ

 ᠵᠢᠷᠭᠠᠯᠲᠤ ᠪᠠᠶᠠᠨ ᠣᠷᠣᠨ ᠪ ᠮᠢᠨᠢ
 ᠮᠢᠨᠲᠠᠰᠤᠨ ᠥᠯᠥᠭᠡᠢ  ᠳᠦ  ᠲᠣᠷᠨᠢᠬᠰᠠᠨ
 ᠵᠢᠷᠭᠤᠭᠠᠨ ᠳ᠋ᠦ᠋ᠩᠰᠢᠭᠤᠷ ᠠᠷᠠᠳ ᠦ᠋ᠨ ᠶ᠋ᠢᠠᠨ
 ᠢᠷᠠᠭᠤ ᠪᠦᠪᠠᠢ  ᠳᠦ  ᠪᠣᠶ᠋ᠢᠵᠢᠬᠰᠠᠨ
 ᠰᠢᠨ᠎ᠡ ᠴᠠᠭ ᠦ᠋ᠨ ᠦᠷᠡᠰ ᠮᠢᠨᠢ
 ᠰᠢᠵᠢᠷ ᠦᠶ᠎ᠡ ᠶ᠋ᠢᠨ ᠴᠣᠮᠣᠷᠯᠢᠬ ᠦ᠋ᠳ ᠮᠢᠨᠢ ᠠ᠋ !
 ᠪᠠᠶᠠᠷ ᠦ᠋ᠨ ᠴᠠᠭᠠᠨ ᠮᠠᠩᠨᠠᠢ ᠶ᠋ᠢ ᠴᠢᠨᠢ
 ᠬᠠᠯᠠᠭᠤᠨ ᠬᠠᠶ᠋ᠢᠷ᠎ᠠ ᠪᠠᠷ ᠲᠠᠭᠠᠯᠠᠨ ᠪᠠᠶ᠋ᠢᠵᠤ
 ᠪᠠᠮᠪᠠᠷ ᠤᠯᠠᠭᠠᠨ ᠪᠦᠴᠡ ᠶ᠋ᠢ ᠴᠢᠨᠢ
 ᠠᠷᠢᠭᠤᠨ ᠰᠦ᠋ ᠪᠡᠷ ᠮᠢᠯᠢᠶᠠᠨ ᠪᠠᠶ᠋ᠢᠵᠤ 
 ᠥᠯᠵᠡᠶ᠋ᠢᠲᠦ ᠰᠠᠶ᠋ᠢᠬᠠᠨ ᠢᠷᠥᠭᠡᠯ ᠶ᠋ᠢᠡᠨ
 ᠥᠷᠥᠴᠡᠨ ᠪ ᠤᠭ ᠠ᠋ᠴᠠ ᠪᠠᠨ ᠪᠡᠯᠡᠭᠯᠡᠶ᠎ᠡ !
 ᠦᠨᠡᠨ ᠵᠢᠷᠦᠬᠡᠨ ᠪ ᠭᠣᠣᠯ ᠠ᠋ᠴᠠ ᠪᠠᠨ
 ᠥᠪᠡᠷ ᠦ᠋ᠨ ᠬᠠᠶ᠋ᠢᠷ᠎ᠠ ᠪᠠᠨ ᠢᠯᠡᠷᠬᠡᠶ᠋ᠢᠯᠡᠶ᠎ᠡ !

 ᠡᠷᠲᠡᠮ ᠨᠣᠮ ᠰᠤᠷᠤᠭᠠᠳ
 ᠢᠷᠭᠡᠨ ᠪ ᠡᠩᠨᠡᠭᠡᠨ ᠳᠦ ᠵᠢᠬᠰᠠᠬᠤ ᠳᠦ ᠪᠠᠨ
 ᠢᠲᠡ ᠬᠦᠴᠦ ᠪᠦᠷᠢᠲᠦᠭᠡᠳ
 ᠬᠦᠯᠦᠭ ᠦ᠋ᠨ ᠳᠥᠷᠥᠭᠡᠨ ᠳᠦ ᠮᠣᠷᠲᠠᠬᠤ ᠳᠦ ᠪᠠᠨ
 ᠰᠣᠶᠣᠯ ᠮᠡᠷᠭᠡᠵᠢᠯ ᠡᠵᠡᠮᠰᠢᠭᠡᠳ 
 ᠰᠠᠷᠠᠭᠤᠯ ᠣᠷᠴᠢᠯᠠᠩ ᠳᠦ ᠭᠠᠷᠬᠤ  ᠳᠦ  ᠪᠠᠨ
 ᠰᠣᠲᠣ ᠵᠢᠭᠦᠷ ᠪᠦᠷᠢᠯᠲᠦᠭᠡᠳ
 ᠰᠣᠷᠭᠣᠭ ᠣᠭᠲᠠᠷᠭᠤᠢ ᠳᠦ ᠳᠡᠭᠦᠯᠢᠬᠦ  ᠳᠦ  ᠪᠡᠨ
 ᠨᠡᠶ᠋ᠢᠭᠡᠮ ᠵᠢᠷᠤᠮ ᠦ᠋ᠨ ᠦᠢᠯᠡᠰ ᠲᠤ ᠪᠡᠨ
 ᠨᠠᠴᠢᠨ ᠪ ᠵᠣᠷᠢᠬ ᠊ᠢ ᠦᠵᠡᠭᠦᠯ !
 ᠡᠨᠡ ᠳᠡᠯᠡᠬᠡᠢ ᠶ᠋ᠢᠨ ᠰᠢᠷᠤᠢ ᠳᠡᠭᠡᠷ᠎ᠡ
 ᠡᠷᠬᠢᠮ ᠳ᠋ᠸᠪᠡᠵᠡᠨ ᠊ᠢ  ᠴᠣᠭᠴᠠᠯᠠ!

 ᠬᠤᠯᠵᠢᠨ ᠳᠠᠶ᠋ᠢᠰᠤᠨ ᠊ᠢ ᠰᠡᠷᠭᠡᠶ᠋ᠢᠯᠡᠭᠡᠳ
 ᠬᠤᠷᠴᠠ ᠵᠡᠪᠰᠡᠭ ᠠᠤᠠᠬᠤᠬᠤ  ᠳᠦ  ᠪᠠᠨ
 ᠲᠠᠯ᠎ᠠ ᠶ᠋ᠢᠨ ᠵᠡᠭᠡᠷ᠎ᠡ ᠰᠢᠭ᠌ ᠰᠡᠷᠭᠦᠯᠡᠩ
 ᠰᠣᠨᠣᠷ ᠰᠡᠷᠡᠮᠵᠢ ᠲᠡᠢ ᠪᠠᠶ᠋ᠢᠭᠠᠷᠠᠢ  !
 ᠳᠡᠰ ᠪᠦᠷᠭᠦᠳ ᠰᠢᠭ᠌ ᠡᠷᠡᠯᠬᠡᠭ
 ᠣᠮᠣᠭ ᠰᠥᠰᠥ ᠲᠡᠢ ᠶᠠᠪᠤᠭᠠᠷᠠᠢ !
 ᠠᠭᠠᠭᠢᠮ᠎ᠠ ᠵᠠᠯᠠᠭᠤ ᠨᠠᠰᠤᠨ  ᠳᠦ  ᠪᠠᠨ
 ᠠᠯᠢ ᠴᠤ᠌ ᠠᠵᠢᠯ ᠊ᠢ ᠬᠢᠬᠦ  ᠳᠦ  ᠪᠡᠨ
 ᠢᠲᠡᠷ ᠬᠠᠯᠠᠭᠤᠨ ᠦᠶ᠎ᠡ  ᠳᠦ  ᠪᠡᠨ
 ᠢᠲᠡᠭᠡᠯ ᠳᠦᠭᠦᠷᠡᠩ ᠬᠥᠲᠡᠯᠮᠦᠷᠢᠯᠡᠬᠦ  ᠳᠦ  ᠪᠡᠨ
 ᠠᠭᠠᠷ ᠲᠤ ᠮᠠᠨᠲᠤᠭᠰᠠᠨ ᠨᠠᠷᠠ ᠰᠢᠭ᠋
 ᠭᠡᠷᠡᠯ ᠲᠡᠢ ᠲᠤᠶᠠᠬ᠋᠎ᠠ ᠲᠠᠢ ᠭᠢᠯᠠᠯᠵᠠᠭᠠᠷᠠᠢ !
 ᠠᠰᠠᠵᠤ ᠬᠦᠭᠵᠢᠭᠰᠡᠨ ᠭᠠᠯ ᠰᠢᠭ᠋
 ᠢᠯᠴᠢ ᠲᠡᠢ ᠴᠣᠭ ᠲᠠᠢ ᠳᠦᠷᠡᠯᠵᠡᠭᠡᠷᠡᠢ !
 ᠵᠢᠯ ᠪᠦᠬᠦᠨ ᠪ ᠰᠣᠩᠭᠣᠭᠤᠯᠢ ᠳᠡᠭᠡᠷ᠎ᠡ
 ᠵᠢᠱ᠌ᠢᠶᠡᠴᠢ ᠶ᠋ᠢᠨ ᠰᠠᠮᠪᠠᠷ᠎ᠠ  ᠳᠦ   ᠪᠢᠴᠢᠭᠳᠡᠨ
 ᠰᠠᠷ᠎ᠠ ᠪᠣᠯᠭᠠᠨ ᠪ ᠰᠢᠯᠭᠠᠯᠲᠠ ᠳᠡᠭᠡᠷ᠎ᠡ
 ᠰᠠᠶ᠋ᠢᠴᠤᠤᠯ ᠦ᠋ᠨ ᠴᠡᠴᠡᠭ ᠶ᠋ᠢᠡᠷ ᠱᠠᠩᠨᠠᠭᠲᠠᠨ
 ᠬᠦᠰᠡᠯ ᠲᠡᠢ ᠰᠠᠶ᠋ᠢᠬᠠᠨ ᠶᠠᠪᠤᠵᠤ
 ᠬᠥᠮᠦᠨ ᠪ ᠪᠠᠶᠠᠰᠬᠤᠯᠠᠩ ᠊ᠢ ᠡᠲᠯᠡᠬᠦ ᠶ᠋ᠢᠨ
 ᠵᠦᠩ ᠪᠡᠯᠭᠡᠲᠦ ᠢᠷᠥᠭᠡᠯ ᠶ᠋ᠢᠡᠨ
 ᠵᠢᠷᠦᠬᠡᠨ ᠪ ᠤᠭ ᠠ᠋ᠴᠠ ᠪᠠᠨ  ᠪᠡᠯᠡᠭᠯᠡᠶ᠎ᠡ᠃

             ᠦᠰᠦᠭ ᠠᠮᠢᠯᠠᠭᠤᠯᠤᠭᠴᠢ ᠄ ᠰᠠᠷᠠᠨ᠎ᠠ ᠂ ᠪᠦᠷᠢᠨᠵᠢᠷᠭᠠᠯ
                 ᠬᠢᠨᠠᠭᠴᠢ  ᠪᠠᠭ᠍ᠰᠢ ᠄ ᠮᠥᠴᠢᠷ