ᠬᠥᠮᠦᠨ ᠪᠣᠯᠤᠭᠠᠷᠠᠢ- ᠪᠠᠶᠠᠭᠤᠳ ᠳᠡᠭᠦᠦᠵᠠᠶᠠᠭ᠎ᠠХүн болоорой-баяут түзаяа ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ ᠪᠣᠯᠤᠭᠠᠷᠠᠢ- ᠪᠠᠶᠠᠭᠤᠳ ᠳᠡᠭᠦᠦᠵᠠᠶᠠᠭ᠎ᠠХүн болоорой-баяут түзаяа

ᠬᠥᠮᠦᠨ ᠪᠣᠯᠤᠭᠠᠷᠠᠢ- ᠪᠠᠶᠠᠭᠤᠳ ᠳᠡᠭᠦᠦᠵᠠᠶᠠᠭ᠎ᠠХүн болоорой-баяут түзаяа

2023-02-24

333

ᠬᠥᠮᠦᠨ ᠪᠣᠯᠤᠭᠠᠷᠠᠢ


   ᠪᠠᠶᠠᠭᠤᠳ ᠳᠡᠭᠦᠦᠵᠠᠶᠠᠭ᠎ᠠ 
ᠬᠡᠦᠬᠡᠳ ᠮᠢᠨᠢ ᠬᠥᠮᠦᠨ ᠪᠣᠯᠤᠭᠠᠷᠠᠢ ᠬᠡᠷᠡᠭ 
ᠬᠡᠯᠡ ᠪᠡᠨ ᠰᠤᠷᠴᠤ ᠬᠥᠮᠦᠨ ᠪᠣᠯᠤᠭᠠᠷᠠᠢ 
ᠬᠡᠨ ᠳ᠋ᠦ᠍ ᠴᠤ᠌ ᠬᠡᠷᠡᠭ ᠦᠭᠡᠢ ᠪᠠᠢᠬᠰᠠᠨ ᠴᠤ᠌ 
ᠬᠡᠵᠢᠶᠡᠳᠡ ᠴᠢᠮ᠎ᠠ ᠳ᠋ᠤ᠌ ᠬᠡᠷᠡᠭ ᠲᠡᠢ ᠶᠤᠮ 
ᠬᠡᠬᠦᠳᠡᠭ ᠴᠡᠭᠡᠵᠢᠨ ᠳ᠋ᠡᠭᠡᠨ ᠬᠢᠴᠢᠶᠡᠩᠭᠦᠢᠯᠡᠨ ᠬᠠᠳᠠᠩᠰᠢᠭᠤᠯ 
ᠬᠡᠷᠡᠭ ᠪᠣᠯᠭᠠᠵᠤ ᠠᠮᠢ ᠲᠠᠢ ᠪᠠᠨ ᠬᠣᠯᠪᠣ ᠠ᠋ 

ᠬᠡᠦᠬᠡᠳ ᠮᠢᠨᠢ ᠬᠥᠮᠦᠨ ᠪᠣᠯᠤᠭᠠᠷᠠᠢ
ᠥᠪ ᠰᠣᠶᠣᠯ ᠢ᠋ᠶ᠋ᠠᠨ ᠵᠠᠯᠭᠠᠮᠵᠢᠯᠠᠬᠤ ᠬᠥᠮᠦᠨ ᠪᠣᠯᠤᠭᠠᠷᠠᠢ
ᠥᠨᠢ ᠮᠥᠩᠬᠡ ᠶ᠋ᠢᠨ ᠬᠥᠷᠥᠩᠭᠡ ᠴᠢᠨᠢ ᠶᠤᠮ
ᠥᠭᠡᠷ᠎ᠡ ᠬᠡᠨ ᠪ ᠶᠠᠭᠤ ᠶ᠋ᠢ ᠰᠤᠷᠤᠭᠰᠠᠨ ᠴᠤ᠌
ᠥᠪᠡᠷ ᠢ᠋ ᠪᠡᠨ ᠶᠠᠭᠠᠬᠢᠭᠰᠠᠨ ᠢ᠋ ᠪᠤᠤ ᠬᠠᠶᠠ
ᠥᠷᠥᠰᠢᠶᠡᠯᠲᠦ ᠳᠡᠭᠡᠳᠦᠰ ᠦ᠋ᠨ ᠮᠢᠨᠢ ᠵᠠᠬᠢᠶ᠎ᠠ ᠶᠤᠮ

ᠬᠡᠦᠬᠡᠳ ᠮᠢᠨᠢ ᠬᠥᠮᠦᠨ ᠪᠣᠯᠤᠭᠠᠷᠠᠢ
ᠬᠠᠢᠷ᠎ᠠ ᠪᠠᠨ ᠶᠡᠭᠦᠯᠡᠵᠦ ᠬᠥᠮᠦᠨ ᠪᠣᠯᠤᠭᠠᠷᠠᠢ
ᠬᠠᠢᠷ᠎ᠠ ᠶ᠋ᠢᠨ ᠠᠷᠢᠭᠤᠨ ᠥᠯᠥᠭᠡᠢ ᠳ᠋ᠦ᠍
ᠬᠠᠢᠷᠠᠲᠠᠢ ᠲᠠ ᠨᠠᠷ ᠮᠢᠨᠢ ᠬᠥᠮᠦᠨ ᠪᠣᠯᠤᠭᠰᠠᠨ ᠶᠤᠮ
ᠬᠠᠢᠷ᠎ᠠ ᠪᠠᠷ ᠢ᠋ᠶ᠋ᠠᠨ ᠠᠷᠭᠠᠳᠠ ᠠᠮᠢᠲᠤᠷᠠᠯ ᠢ᠋ᠶ᠋ᠠᠨ
ᠬᠠᠷᠢᠭᠤ ᠳ᠋ᠤᠨᠢ ᠴᠢᠮ᠎ᠠ ᠳ᠋ᠤ᠌ ᠵᠢᠷᠭᠠᠯ ᠢᠷᠡᠬᠦ ᠶᠤᠮ

ᠬᠡᠦᠬᠡᠳ ᠮᠢᠨᠢ ᠬᠥᠮᠦᠨ ᠪᠣᠯᠤᠭᠠᠷᠠᠢ
ᠬᠥᠮᠦᠨ ᠢ᠋ ᠬᠦᠨᠳᠦᠯᠡᠵᠦ ᠬᠥᠮᠦᠨ ᠪᠣᠯᠤᠭᠠᠷᠠᠢ
ᠬᠦᠨᠳᠦᠲᠦ ᠠᠭᠤᠤ ᠡᠴᠢᠭᠡ ᠡᠬᠡ ᠡᠴᠡ ᠪᠡᠨ ᠡᠬᠢᠯᠡ
ᠬᠥᠪᠦᠷᠡᠯ ᠪᠣᠯᠵᠤ ᠲᠣᠭᠲᠠᠭᠰᠠᠨ ᠴᠠᠭ ᠡᠴᠡ ᠴᠢᠨᠢ
ᠬᠥᠭᠡᠷᠦᠬᠦᠢ ᠲᠠᠨ ᠢ᠋ ᠪᠡᠨ ᠪᠦᠪᠡᠢᠯᠡᠵᠦ
ᠬᠦᠯᠦᠭ ᠦ᠋ᠨ ᠨᠢᠷᠤᠭᠤᠨ ᠳ᠋ᠤ᠌ ᠭᠠᠷᠭᠠᠭᠰᠠᠨ ᠶᠤᠮ

ᠬᠡᠦᠬᠡᠳ ᠮᠢᠨᠢ ᠬᠥᠮᠦᠨ ᠪᠣᠯᠤᠭᠠᠷᠠᠢ
ᠬᠦᠨᠳᠦ ᠬᠥᠩᠭᠡᠨ ᠢ᠋ ᠤᠬᠠᠵᠤ ᠬᠥᠮᠦᠨ ᠪᠣᠯᠤᠭᠠᠷᠠᠢ
ᠬᠥᠷᠥᠰᠥᠲᠦ ᠠᠯᠲᠠᠨ ᠳᠡᠯᠡᠬᠡᠢ ᠳ᠋ᠦ᠍ ᠪᠡᠨ
ᠬᠦᠢ ᠪᠡᠨ ᠵᠠᠯᠭᠠᠬᠤ ᠭᠡᠵᠦ ᠲᠠ ᠨᠠᠷ ᠢᠷᠡᠭᠰᠡᠨ ᠶᠤᠮ
ᠬᠥᠭᠵᠢᠭᠡᠵᠦ ᠪᠠᠲᠠᠷᠠᠭ᠎ᠠ ᠭᠣᠯᠣᠮᠲᠠ ᠶ᠋ᠢᠨ ᠭᠠᠯ ᠢ᠋ᠶ᠋ᠠᠨ
ᠬᠡᠵᠢᠶᠡᠳᠡ ᠪᠡᠶ᠎ᠡ ᠪᠡᠨ ᠥᠪᠡᠷ ᠦ᠋ᠨ ᠬᠢ ᠪᠡᠷ ᠢ᠋ᠶ᠋ᠡᠨ ᠭᠣᠶᠣ ᠠ᠋

ᠬᠡᠦᠬᠡᠳ ᠮᠢᠨᠢ ᠬᠥᠮᠦᠨ ᠪᠣᠯᠤᠭᠠᠷᠠᠢ
ᠬᠥᠲᠥᠯ ᠳᠠᠪᠠᠭ᠎ᠠ ᠶ᠋ᠢ ᠲᠤᠭᠤᠯᠵᠤ ᠬᠥᠮᠦᠨ ᠪᠣᠯᠤᠭᠠᠷᠠᠢ
ᠬᠦᠯ ᠢ᠋ ᠴᠢᠨᠢ ᠬᠠᠳᠬᠤᠬᠤ ᠥᠷᠭᠡᠰᠦ
ᠬᠦᠷᠴᠦ ᠢᠷᠡᠬᠦ ᠠᠯᠢᠪᠠ ᠰᠠᠭᠠᠳ ᠢ᠋
ᠬᠦᠴᠦᠨ ᠪ ᠲᠡᠩᠬᠡᠭᠡ ᠪᠡᠷ ᠢ᠋ᠶ᠋ᠡᠨ ᠲᠤᠭᠤᠯ
ᠬᠥᠬᠡ ᠲᠩᠷᠢ ᠶ᠋ᠢᠨ ᠳᠣᠣᠷ᠎ᠠ ᠪᠣᠰᠣᠭ᠎ᠠ ᠪᠠᠷ ᠢ᠋ᠶ᠋ᠠᠨ ᠶᠠᠪᠤ ᠠ᠋

ᠬᠡᠦᠬᠡᠳ ᠮᠢᠨᠢ ᠬᠥᠮᠦᠨ ᠪᠣᠯᠤᠭᠠᠷᠠᠢ
ᠬᠥᠮᠦᠨ ᠮᠥᠰᠥ ᠲᠡᠢ ᠬᠥᠮᠦᠨ ᠪᠣᠯᠤᠭᠠᠷᠠᠢ
ᠬᠦᠰᠡᠯ ᠢᠲᠡᠭᠡᠯ ᠶ᠋ᠢᠡᠷ ᠢ᠋ᠶ᠋ᠡᠨ ᠣᠶᠤᠨ ᠢ᠋ᠶ᠋ᠠᠨ ᠬᠥᠪᠴᠢᠯᠡᠵᠦ
ᠬᠦᠯ ᠳᠡᠭᠡᠷ᠎ᠡ ᠪᠡᠨ ᠯᠠᠪᠳᠠᠭᠤᠨ ᠲᠣᠭᠲᠠ
ᠬᠦᠷᠬᠦ ᠲᠡᠷᠡ ᠬᠠᠷᠠᠯᠲᠠ ᠵᠦᠭ ᠢ᠋ᠶ᠋ᠡᠨ
ᠬᠦᠴᠦᠯᠡᠨ ᠵᠢᠳᠬᠦ ᠂ ᠪᠤᠤ ᠰᠢᠨᠲᠠᠷᠠ ᠂ ᠢᠷᠡᠭᠡᠳᠦᠢ ᠲᠠᠨ ᠪ ᠬᠢ ᠁
 ( ᠳᠡᠯᠡᠬᠡᠢ ᠶ᠋ᠢᠨ ᠡᠬᠡ ᠬᠡᠯᠡᠨ ᠪ ᠡᠳᠦᠷ ᠲᠦ᠍
ᠪᠡᠯᠡᠭᠯᠡᠶ᠎ᠡ )
2022 .6.3 ᠳ᠋ᠦ᠍ ᠪᠢᠴᠢᠪᠡ
 2023.2.21 ᠪ ᠳᠡᠯᠡᠬᠡᠢ ᠶ᠋ᠢᠨ ᠶᠡᠬᠡ ᠬᠡᠯᠡᠨ ᠪ ᠡᠳᠦᠷ ᠂
ᠣᠳᠬᠠᠨᠰᠣ᠎ᠠ ᠠᠮᠢᠯᠠᠭᠤᠯᠪᠠ ᠃