ᠮᠣᠩᠭᠣᠯ ᠠᠷᠠᠳ ᠤᠨ ᠳᠠᠭᠤᠤ ᠬᠣᠶᠠᠷ ᠰᠡᠳᠬᠢᠯ - ᠤᠷᠲᠤ ᠶᠢᠨ ᠳᠠᠭᠤᠴᠢᠨ ᠪ ∙ᠪᠠᠲᠤᠴᠡᠴᠡᠭᠯᠡᠩМонгол ардын дуу Хоёр сэтгэл - Уртын дуучин Б.Батцэцэглэн
ᠬᠣᠶᠠᠷ ᠰᠡᠳᠬᠢᠯ
— ᠪ᠂ ᠪᠠᠲᠦᠴᠡᠴᠡᠭᠯᠡᠨ ᠳᠠᠭᠤᠯᠠᠨ᠎ᠠ
ᠮᠣᠩᠭᠣᠯ ᠠᠷᠠᠳ ᠤ᠋ᠨ ᠳᠠᠭᠤᠤ
ᠮᠠᠨᠠᠨ ᠲᠠᠢ ᠯᠠ ᠡᠳᠦᠷ ᠪᠠᠢᠨ᠎ᠠ
ᠬᠠᠷᠠᠩᠭᠤᠢ ᠪᠣᠯᠤᠨ᠎ᠠ ᠬᠦ
ᠮᠠᠨᠳᠤᠬᠤ ᠨᠠᠷᠠ ᠨᠢ ᠭᠠᠷᠤᠭᠠᠳ ᠢᠷᠡᠪᠡᠯ ᠲᠤᠩᠭᠠᠯᠠᠭ ᠪᠣᠯᠤᠨ᠎ᠠ
ᠮᠢᠩᠭ᠎ᠠ ᠲᠦᠮᠡᠨ ᠣᠯᠠᠨ ᠬᠥᠮᠦᠨ ᠦ᠌ ᠳᠤᠮᠳᠠ ᠠ᠋ᠴᠠ
ᠮᠢᠨᠦ ᠵᠢᠷᠦᠬᠡᠨ ᠦ᠌ ᠪᠢᠴᠢᠬᠠᠨ ᠲᠡᠷᠡ ᠮᠢᠨᠢ ᠬᠣᠣᠰ ᠦᠭᠡᠢ ᠦᠨᠡᠨᠴᠢ ᠠ᠋ ᠬᠦ
ᠠᠢ ᠳᠠ ᠰᠡᠳᠬᠢᠯ ᠮᠡᠳᠡᠨ᠎ᠡ ᠬᠦ
ᠲᠦᠭᠦᠬᠡᠢ ᠲᠡᠮᠦᠷ ᠢ᠋ ᠳᠠᠷᠬᠠᠨ ᠳ᠋ᠤ᠌ ᠪᠠᠨ ᠲᠤᠰᠢᠶᠠᠯ᠎ᠠ
ᠲᠦᠯᠬᠢᠭᠦᠷ ᠬᠢᠨ᠎ᠡ ᠤᠤ ᠴᠣᠣᠵᠢ ᠬᠢᠨ᠎ᠡ ᠤᠤ ᠥᠪᠡᠷ ᠢ᠋ᠶ᠋ᠡᠨ ᠮᠡᠳᠡᠭᠡᠷᠡᠢ
ᠲᠥᠷᠥᠭᠰᠡᠨ ᠪᠡᠶ᠎ᠡ ᠪᠡᠨ ᠴᠢᠮ᠎ᠠ ᠳ᠋ᠤ᠌ ᠪᠠᠨ ᠲᠤᠰᠢᠶᠠᠯ᠎ᠠ
ᠲᠦᠰᠢᠭᠡᠳ ᠠᠪᠤᠨ᠎ᠠ ᠤᠤ ᠲᠦᠯᠬᠢᠭᠡᠳ ᠬᠠᠶᠠᠨ᠎ᠠ ᠤᠤ ᠥᠪᠡᠷ ᠢ᠋ᠶ᠋ᠡᠨ ᠮᠡᠳᠡᠭᠡᠷᠡᠢ
ᠠᠢ ᠳᠠ ᠰᠡᠳᠬᠢᠯ ᠮᠡᠳᠡᠨ᠎ᠡ ᠬᠦ
ᠵᠢᠪᠡ ᠲᠡᠢ ᠲᠡᠮᠦᠷ ᠢ᠋ ᠪᠡᠨ ᠳᠠᠷᠬᠠᠨ ᠲᠤᠰᠢᠶᠠᠯ᠎ᠠ
ᠵᠡᠭᠡᠲᠦᠦ ᠬᠢᠨ᠎ᠡ ᠤᠤ ᠵᠣᠳᠣᠣ ᠬᠢᠨ᠎ᠡ ᠤᠤ ᠥᠪᠡᠷ ᠢ᠋ᠶ᠋ᠡᠨ ᠮᠡᠳᠡᠭᠡᠷᠡᠢ ᠬᠦ
ᠴᠡᠪᠡᠷ ᠪᠡᠶ᠎ᠡ ᠪᠡᠨ ᠴᠢᠮ᠎ᠠ ᠳ᠋ᠤ᠌ ᠪᠠᠨ ᠲᠤᠰᠢᠶᠠᠯ᠎ᠠ
ᠴᠡᠩᠭᠡᠭᠦᠯᠵᠦ ᠶᠠᠪᠤᠨ᠎ᠠ ᠤᠤ ᠵᠢᠷᠭᠠᠭᠤᠯᠵᠤ ᠶᠠᠪᠤᠨ᠎ᠠ ᠤᠤ ᠥᠪᠡᠷ ᠢ᠋ᠶ᠋ᠡᠨ ᠮᠡᠳᠡᠭᠡᠷᠡᠢ ᠬᠦ
ᠠᠢ ᠳᠠ ᠠᠮᠠᠷᠠᠭ ᠮᠡᠳᠡᠨ᠎ᠡ ᠬᠦ
ᠴᠡᠪᠡᠷ ᠪᠡᠶ᠎ᠡ ᠪᠡᠨ ᠴᠢᠮ᠎ᠠ ᠳ᠋ᠤ᠌ ᠪᠠᠨ ᠲᠤᠰᠢᠶᠠᠯ᠎ᠠ
ᠴᠡᠩᠭᠡᠭᠦᠯᠵᠦ ᠶᠠᠪᠤᠨ᠎ᠠ ᠤᠤ ᠵᠢᠷᠭᠠᠭᠤᠯᠵᠤ ᠶᠠᠪᠤᠨ᠎ᠠ ᠤᠤ ᠥᠪᠡᠷ ᠢ᠋ᠶ᠋ᠡᠨ ᠮᠡᠳᠡᠭᠡᠷᠡᠢ
ᠠᠢ ᠳᠠ ᠠᠮᠠᠷᠠᠭ ᠮᠡᠳᠡᠨ᠎ᠡ ᠬᠦ
ᠦᠰᠦᠭ ᠬᠠᠳᠠᠭᠴᠢ᠄ ᠳᠡᠯᠭᠡᠷᠴᠡᠴᠡᠭ
ᠦᠰᠦᠭ ᠠᠮᠢᠯᠠᠭᠤᠯᠤᠭᠴᠢ᠄ ᠳᠡᠯᠭᠡᠷᠴᠡᠴᠡᠭ
ᠬᠢᠨᠠᠭᠴᠢ᠄ ᠳᠠᠰᠢᠨᠢᠮ᠎ᠠ᠂ ᠤᠳᠬᠤᠨᠴᠡᠴᠡᠭ᠂ ᠨᠠᠷᠡᠨᠮᠠᠨᠳᠠ᠂ ᠢᠷᠡᠭᠡᠳᠦᠢ
