ᠳᠤᠤᠯᠠ ᠶᠢᠨ ᠰᠢᠭᠤᠢ – ᠪ᠂ ᠶᠠᠪᠤᠭᠤᠬᠤᠯᠠᠨ Туулын шугуй – Б. Явуухулан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠤᠯᠠ ᠶᠢᠨ ᠰᠢᠭᠤᠢ – ᠪ᠂ ᠶᠠᠪᠤᠭᠤᠬᠤᠯᠠᠨ Туулын шугуй – Б. Явуухулан

ᠳᠤᠤᠯᠠ ᠶᠢᠨ ᠰᠢᠭᠤᠢ – ᠪ᠂ ᠶᠠᠪᠤᠭᠤᠬᠤᠯᠠᠨ Туулын шугуй – Б. Явуухулан

2023-02-24

326

ᠲᠤᠤᠯᠠ ᠶᠢᠨ ᠰᠢᠭᠤᠢ



 ᠲᠠᠤᠯᠠᠢ ᠶ᠋ᠢᠨ ᠭᠦᠶᠦᠲᠡᠯ ᠰᠢᠭ ᠰᠠᠯᠬᠢᠨ ᠳᠦ
 ᠲᠤᠤᠯᠠ ᠶ᠋ᠢᠨ ᠰᠢᠭᠤᠢ ᠨᠠᠶ᠋ᠢᠭᠤᠨ᠎ᠠ
 ᠠᠭᠤᠯᠠ ᠶ᠋ᠢᠨ ᠰᠣᠭᠣ ᠰᠢᠭ᠋ ᠬᠡᠦᠬᠡᠨ ᠳᠦ
 ᠬᠠᠶ᠋ᠢᠷ᠎ᠠ ᠶ᠋ᠢᠨ ᠰᠡᠤᠠᠭᠢᠯ ᠳᠠᠰᠤᠨ᠎ᠠ
 ᠬᠡᠭᠡᠷ᠎ᠡ ᠶ᠋ᠢᠨ ᠰᠠᠯᠬᠢᠨ ᠳᠦ ᠲᠤᠤᠯᠠ ᠮᠢᠨᠢ
 ᠲᠠᠬᠢ ᠶ᠋ᠢᠨ ᠵᠣ᠋ ᠰᠢᠭ᠋ ᠪᠢᠲᠡᠷᠲᠦᠨ᠎ᠡ
 ᠬᠠᠶ᠋ᠢᠷ᠎ᠠ ᠶ᠋ᠢᠨ ᠬᠦᠴᠦᠨ ᠳᠦ ᠰᠡᠤᠠᠭᠢᠯ ᠮᠢᠨᠢ
 ᠲᠡᠭᠷᠢ ᠶ᠋ᠢᠨ ᠵᠠᠭᠠᠲᠠᠰᠤ ᠰᠢᠭ᠋ ᠭᠡᠷᠡᠯᠲᠦᠨ᠎ᠡ
 ᠭᠦᠨᠵᠡᠭᠡᠢ ᠠᠮᠢᠰᠬᠤᠬ᠋᠎ᠠ ᠠᠪᠤᠮᠠᠷ
 ᠲᠠᠯ᠎ᠠ ᠰᠢᠭ᠋ ᠪᠦᠰᠡᠭᠦᠢ ᠴᠢ ᠶᠤᠮ
 ᠭᠦᠨ ᠳᠦ ᠨᠢ ᠬᠠᠩᠭᠢᠨᠠᠬᠤ ᠳᠠᠭᠤᠨ ᠪ
 ᠡᠭᠡᠰᠢᠭ ᠨᠢ ᠮᠢᠨᠦ ᠰᠡᠤᠠᠬᠢᠯ ᠶᠤᠮ
 ᠮᠥᠩᠭᠥᠨ ᠠᠶᠠᠬ᠋᠎ᠠ ᠰᠢᠭ᠋ ᠭᠠᠷ ᠠ᠋ᠴᠠ ᠴᠢᠨᠢ
 ᠲᠤᠤᠯᠠ ᠶ᠋ᠢᠨ ᠤᠰᠤᠨ ᠠ᠋ᠴᠠ ᠠᠮᠰᠠᠬᠤ ᠶᠤᠮᠰᠠᠨ
 ᠮᠥᠩᠬᠡ ᠶ᠋ᠢᠨ ᠤᠰᠤ ᠶ᠋ᠢ ᠤᠤᠭᠤᠭᠰᠠᠨ ᠶᠤᠮ ᠰᠢᠭ᠋
 ᠲᠠᠩᠬᠢᠯ ᠴᠢᠮ᠎ᠠ ᠲᠠᠢ ᠠᠮᠢᠲᠤᠷᠠᠬᠤ ᠶᠤᠮᠰᠠᠨ
 ᠲᠠᠤᠯᠠᠢ ᠶ᠋ᠢᠨ ᠭᠦᠶᠦᠲᠡᠯ ᠰᠢᠭ ᠰᠠᠯᠬᠢᠨ  ᠳᠦ
 ᠲᠤᠤᠯᠠ ᠶ᠋ᠢᠨ ᠰᠢᠭᠤᠢ ᠨᠠᠶ᠋ᠢᠭᠤᠨ᠎ᠠ
 ᠠᠭᠤᠯᠠ ᠶ᠋ᠢᠨ ᠰᠣᠭᠣ ᠰᠢᠭ᠋ ᠬᠡᠦᠬᠡᠨ  ᠳᠦ
 ᠬᠠᠶ᠋ᠢᠷ᠎ᠠ ᠶ᠋ᠢᠨ ᠰᠡᠤᠠᠭᠢᠯ ᠳᠠᠰᠤᠨ᠎ᠠ
               1960 ᠣᠨ
  
        ᠦᠰᠦᠭ ᠠᠮᠢᠯᠠᠭᠤᠯᠤᠭᠰᠠᠨ ᠨᠢ ᠄ ᠰᠡᠷᠭᠦᠯᠡᠩ
           ᠬᠢᠨᠠᠭᠴᠢ ᠪᠠᠭᠰᠢ ᠄ ᠤᠷᠠᠨᠲᠣᠭᠣᠰ ᠂ ᠢᠷᠡᠭᠡᠲᠦᠢ