ᠣᠳᠣᠳ ᠢ ᠰᠥᠨᠢ ᠬᠠᠷᠠᠬᠤ ᠳᠤ – ᠷ᠂ ᠴᠣᠢᠨᠣᠮ Оддыг шөнө харахад – Р᠂ Чойном
ᠣᠳᠣᠳ ᠢ ᠰᠥᠨᠢ ᠬᠠᠷᠠᠬᠤ ᠳᠤ
ᠣᠳᠣᠳ ᠢ ᠰᠥᠨᠢ ᠬᠠᠷᠠᠬᠤ ᠳ᠋ᠤ᠌
ᠣᠯᠠᠨ ᠴᠤ᠌ ᠭᠡᠵᠦ ᠵᠢᠭᠲᠡᠶ᠋ᠢᠬᠡᠨ
ᠣᠴᠢ ᠲᠠᠢ ᠴᠤ᠌ ᠭᠡᠵᠦ ᠵᠢᠭᠲᠡᠶ᠋ᠢᠬᠡᠨ ᠂
ᠣᠳᠣᠬᠠᠨ ᠨᠢᠭᠡ ᠨᠢ ᠢᠷᠡᠭᠡᠳ
ᠣᠷᠴᠢᠯᠠᠩ ᠊ᠢ ᠢᠺᠡᠷ ᠰᠢᠭ᠌ ᠮᠥᠷᠭᠥᠮᠡᠷ
ᠣᠮᠣᠭᠯᠠᠩ ᠬᠤᠷᠴᠠ ᠬᠠᠷᠠᠭᠳᠠᠬᠤ ᠶᠤᠮ
ᠥᠬᠢᠳ ᠊ᠢ ᠡᠳᠦᠷ ᠬᠠᠷᠠᠬᠤ ᠳ᠋ᠤ᠌
ᠣᠯᠠᠨ ᠴᠤ᠌ ᠭᠡᠵᠦ ᠵᠢᠭᠲᠡᠶ᠋ᠢᠬᠡᠨ
ᠣᠩᠭᠣᠨ ᠴᠤ᠌ ᠭᠡᠵᠦ ᠵᠢᠭᠲᠡᠶ᠋ᠢᠬᠡᠨ ᠂
ᠣᠳᠣᠬᠠᠨ ᠨᠢᠭᠡ ᠨᠢ ᠢᠷᠡᠭᠡᠳ
ᠵᠢᠷᠦᠬᠡ ᠶ᠋ᠢ ᠮᠢᠨᠢ ᠵᠦᠰᠦᠨ ᠬᠠᠳᠬᠤᠬᠤ
ᠵᠡᠭᠦᠦ ᠰᠢᠭ᠌ ᠬᠤᠷᠴᠠ ᠬᠠᠷᠠᠭᠳᠠᠬᠤ ᠶᠤᠮ ᠃
1966.7.25
ᠦᠰᠦᠭ ᠠᠮᠢᠯᠠᠭᠤᠯᠤᠭᠴᠢ ᠄ ᠣᠳᠤᠨᠭᠡᠷᠡᠯ
