ᠨᠠᠮᠤᠷ - Намар - ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ - Намар -

ᠨᠠᠮᠤᠷ - Намар -

2023-02-24

342

ᠨᠠᠮᠤᠷ


 ᠨᠠᠮᠤᠷ ᠦ᠋ᠨ ᠰᠢᠷ᠎ᠠ ᠨᠠᠷᠠ ᠨᠠᠲᠠ ᠳ᠋ᠠᠭᠠᠨ ᠴᠢᠮ᠎ᠠ ᠳᠡᠭᠡᠷ᠎ᠡ ᠲᠤᠰᠤᠨ᠎ᠠ ᠃
 ᠨᠠᠶ᠋ᠢᠭᠤᠨ ᠨᠠᠶ᠋ᠢᠭᠤᠬᠤ ᠤᠯᠠᠷᠢᠯ ᠳ᠋ᠤᠨᠢ ᠪᠢᠲᠡ ᠪᠠᠰᠠ ᠨᠠᠶ᠋ᠢᠭᠤᠨ᠎ᠠ ᠃
 ᠪᠤᠭᠤ ᠬᠠᠨᠲᠠᠭᠠᠢ ᠣᠷᠣᠮᠲᠠᠵᠤ ᠠᠭᠤᠯᠠ ᠤᠰᠤ ᠶ᠋ᠢ ᠪᠠᠶᠠᠰᠬᠠᠬᠤ  ᠳᠦ
 ᠦᠬᠡᠷ ᠱᠠᠷ ᠮᠥᠭᠡᠷᠡᠯᠲᠦᠨ ᠮᠠᠯᠴᠢᠨ ᠬᠥᠮᠦᠨ ᠊ᠢ ᠵᠤᠭᠠᠴᠠᠭᠤᠯᠤᠨ᠎ᠠ ᠃

 ᠰᠠᠶ᠋ᠢᠬᠠᠨ ᠣᠭᠲᠠᠷᠭᠤᠢ ᠶ᠋ᠢᠨ ᠳᠤᠮᠳᠠ ᠨᠢᠮᠭᠡᠨ ᠴᠠᠭᠠᠨ ᠡᠭᠦᠯᠡ ᠨᠡᠭᠦᠬᠦ  ᠳᠦ
 ᠢᠲᠡᠷ ᠵᠠᠯᠠᠭᠤᠰ ᠠᠯᠤᠰ ᠭᠠᠵᠠᠷ ᠰᠤᠷᠭᠠᠭᠤᠯᠢ ᠰᠣᠶᠣᠯ ᠳᠦ ᠣᠲᠤᠨ᠎ᠠ ᠃
 ᠲᠤᠩᠭᠠᠯᠠᠭ ᠮᠥᠷᠡᠨ ᠵᠥᠭᠡᠯᠡᠨ ᠶ᠋ᠢᠡᠷ ᠲᠣᠪ ᠳᠤᠭᠤᠢ ᠤᠷᠤᠰᠬᠤ  ᠳᠦ
 ᠲᠡᠭᠦᠨ ᠪ ᠳᠣᠣᠷ᠎ᠠ ᠰᠠᠷᠠ ᠮᠦᠰᠢᠶᠡᠵᠦ ᠢᠨᠠᠭ ᠦ᠋ᠨ ᠥᠯᠥᠭᠡᠢ ᠰᠢᠪᠡᠨᠡᠨ᠎ᠡ ᠃

 ᠥᠷᠯᠥᠭᠡᠨ ᠪ ᠬᠢᠷᠠᠭᠤ ᠰᠤᠪᠤᠳ ᠦ᠋ᠨ ᠠᠲᠠᠯᠢ ᠭᠢᠯᠲᠤᠭᠡᠨᠡᠨ ᠪᠤᠭᠤᠷᠤᠯᠲᠤᠬᠤ ᠳᠦ
 ᠭᠠᠲᠠᠬ᠋᠎ᠠ ᠰᠣᠶ᠋ᠢᠬᠰᠠᠨ ᠮᠣᠷᠢ ᠪᠥᠭ ᠪᠥᠭ ᠪᠦᠩ ᠪᠦᠩ ᠴᠡᠴᠡᠷᠡᠨ᠎ᠡ ᠃
 ᠭᠡᠷ ᠦ᠋ᠨ ᠡᠵᠡᠨ ᠡᠷᠲᠡᠯᠡᠨ ᠦᠨᠡᠭᠡ ᠴᠢᠨᠣ᠎ᠠ ᠶ᠋ᠢ ᠭᠥᠷᠥᠭᠡᠯᠡᠷ᠎ᠡ ᠣᠤᠠᠬᠤ  ᠳᠦ
 ᠡᠬᠡᠨᠡᠷ ᠬᠡᠦᠬᠡᠳ ᠠᠭᠠᠷᠴᠠ ᠨᠡᠷᠡᠵᠦ ᠲᠡᠭᠦᠨ ᠊ᠢ ᠬᠦᠯᠢᠶᠡᠨ᠎ᠡ ᠃

 ᠤᠷᠢᠬᠠᠨ ᠬᠣᠩᠭᠣᠷ ᠰᠠᠯᠬᠢ ᠡᠪᠡᠰᠦ ᠮᠣᠲᠣ ᠶ᠋ᠢ ᠨᠠᠮᠢᠯᠵᠠᠭᠤᠯᠬᠤ  ᠳᠦ
 ᠬᠦᠭᠰᠢᠳ ᠵᠠᠯᠠᠭᠤᠰ ᠦ᠋ᠨ ᠰᠡᠤᠠᠬᠢᠯ ᠪᠦᠩ ᠪᠦᠩ ᠪᠥᠮᠪᠥᠷᠢᠨ᠎ᠡ ᠃
 ᠰᠢᠷᠠᠯᠠᠭᠰᠠᠨ ᠮᠣᠲᠣᠨ ᠪ ᠨᠠᠪᠴᠢ ᠬᠣᠶᠠᠷ ᠨᠢᠭᠡ ᠪᠡᠷ ᠤᠨᠠᠬᠤ ᠳᠦ
 ᠰᠡᠤᠠᠬᠢᠯ ᠦ᠋ᠨ ᠳᠣᠲᠣᠷᠠᠬᠢ ᠤᠶ᠋ᠢᠤᠠᠬᠠᠷᠲᠤ ᠶᠠᠪᠤᠲᠠᠯ ᠬᠠᠶᠠ ᠬᠠᠶᠠ ᠪᠣᠲᠣᠭᠲᠠᠨ᠎ᠠ ᠃

          ᠦᠰᠦᠭ ᠠᠮᠢᠯᠠᠭᠤᠯᠤᠭᠴᠢ ᠄ ᠰᠢᠯᠤᠭᠤᠨ
           ᠬᠢᠨᠠᠭᠴᠢ ᠄  ᠪᠠᠶᠠᠷᠴᠡᠴᠡᠭ