ᠵᠤᠨ - Жон -
ᠵᠤᠨ
ᠴᠠᠭ ᠦ᠋ᠨ ᠰᠠᠶ᠋ᠢᠬᠠᠨ ᠵᠣᠨ ᠪ ᠡᠬᠢᠨ ᠳᠦ
ᠭᠠᠵᠠᠷ ᠦ᠋ᠨ ᠰᠠᠶ᠋ᠢᠬᠠᠨ ᠬᠠᠩᠭᠠᠢ ᠶ᠋ᠢᠨ ᠨᠢᠷᠤᠭᠤᠨ ᠳᠦ
ᠬᠥᠬᠥᠭᠡ ᠰᠢᠪᠠᠭᠤ ᠤᠷᠢᠬᠠᠨ ᠶ᠋ᠢᠠᠷ ᠳᠣᠩᠭᠣᠳᠬᠤ ᠳᠦ
ᠡᠨᠡ ᠳᠡᠯᠡᠬᠡᠢ ᠶᠠᠭᠤᠲᠠᠢ ᠲᠠᠭᠠᠯᠠᠮᠵᠢᠲᠠᠢ ᠪᠤᠢ !
ᠨᠣᠭᠣᠭᠠᠨ ᠤᠨᠢᠶᠠᠷ ᠣᠭᠲᠠᠷᠭᠤᠢ ᠲᠤᠯᠵᠤ ᠵᠡᠷᠭᠡᠯᠭᠡᠨ ᠮᠢᠷᠠᠯᠵᠠᠬᠤ ᠳᠦ
ᠬᠦᠯᠦᠭ ᠮᠣᠷᠢ ᠤᠷᠲᠤ ᠢᠨᠴᠠᠭᠠᠬᠤ ᠲᠦᠷᠦᠭᠰᠡᠨ ᠨᠤᠲᠤᠭ ᠊ᠢ ᠵᠦᠭᠯᠡᠨᠡ ᠃
ᠴᠡᠴᠡᠭ ᠦ᠋ᠨ ᠬᠤᠷ᠎ᠠ ᠳᠡᠯᠡᠬᠡᠢ ᠶ᠋ᠢᠨ ᠨᠢᠭᠤᠷ ᠊ᠢ ᠤᠬᠢᠶᠠᠬᠤ ᠳᠦ
ᠵᠠᠯᠠᠭᠤ ᠬᠥᠮᠦᠰ ᠦ᠋ᠨ ᠰᠡᠤᠠᠬᠢᠯ ᠰᠡᠷᠭᠦᠵᠦ ᠪᠡᠶ᠎ᠡ ᠪᠡᠶ᠎ᠡ ᠪᠡᠨ ᠪᠣᠲᠣᠨ᠎ᠠ ᠃
ᠦᠵᠡᠰᠬᠦᠯᠡᠩᠲᠦ ᠠᠭᠤᠯᠠ ᠲᠤᠩᠭᠠᠯᠠᠭ ᠤᠰᠤ ᠵᠣᠨ ᠪ ᠴᠠᠭ ᠲᠤ ᠲᠡᠭᠰᠢ
ᠡᠷ᠎ᠡ ᠶ᠋ᠢᠨ ᠭᠤᠷᠪᠠᠨ ᠨᠠᠭᠠᠲᠤᠮ ᠮᠣᠩᠭᠣᠯ ᠭᠠᠵᠠᠷ ᠦ᠋ᠨ ᠪᠠᠶᠠᠰᠬᠤᠯᠠᠩ ᠃
ᠬᠡᠦᠬᠡᠳ ᠪᠠᠭᠠᠴᠤᠳ ᠦ᠋ᠨ ᠭᠡᠶ᠋ᠢᠨ ᠭᠣᠣᠯᠠᠬᠤ ᠨᠢ ᠬᠦᠨᠲᠡᠢ ᠲᠠᠯ᠎ᠠ ᠳᠦ ᠢᠷᠠᠭᠤ
ᠬᠤᠷᠲᠤᠨ ᠮᠣᠷᠢ ᠢᠷᠠᠯᠵᠠᠬᠤ ᠨᠢ ᠬᠥᠮᠦᠨ ᠪᠦᠬᠦᠨ ᠪ ᠪᠠᠬᠠᠲᠤᠯ ᠃
ᠠᠭᠤᠲᠠᠮ ᠲᠠᠯ᠎ᠠ ᠳᠦ ᠨᠠᠭᠠᠲᠤᠮ ᠦ᠋ᠨ ᠠᠶᠠᠯᠭᠤ ᠵᠥᠭᠡᠯᠡᠨ ᠶ᠋ᠢᠡᠷ ᠴᠤᠤᠷᠢᠶᠠᠲᠤᠨ᠎ᠠ ᠃
ᠬᠡᠭᠡᠷ᠎ᠡ ᠬᠥᠲᠡᠭᠡ ᠳᠦ ᠮᠠᠯ ᠰᠦᠷᠦᠭ ᠳᠤᠷ᠎ᠠ ᠪᠠᠷ ᠶ᠋ᠢᠠᠨ ᠪᠡᠯᠴᠢᠨ᠎ᠡ
ᠡᠷᠦᠬᠡ ᠪᠦᠷᠢ ᠶ᠋ᠢᠨ ᠡᠭᠦᠲᠡᠨ ᠳᠦ ᠠᠶ᠋ᠢᠷᠠᠭ ᠰᠠᠷᠬᠤᠳ ᠦ᠋ᠨ ᠦᠨᠦᠷ ᠰᠡᠩᠭᠢᠨᠡᠨ᠎ᠡ᠃
ᠡᠶ᠋ᠢᠮᠦ ᠰᠠᠶ᠋ᠢᠬᠠᠨ ᠪᠠᠶᠠᠰᠬᠤᠯᠠᠩ ᠲᠠᠢ ᠲᠡᠶ᠋ᠢᠮᠦ ᠰᠠᠶ᠋ᠢᠬᠠᠨ ᠵᠢᠷᠭᠠᠯᠠᠩ ᠲᠠᠢ ᠃
ᠦᠰᠦᠭ ᠠᠮᠢᠯᠠᠭᠤᠯᠤᠭ᠍ᠴᠢ : ᠰᠢᠯᠦᠭᠤᠨ
ᠬᠢᠨᠠᠭᠴᠢ ᠄ ᠪᠠᠶᠠᠷᠴᠡᠴᠡᠭ ᠪᠠᠭᠰᠢ
