ᠡᠪᠦᠯ - Өвөл -
ᠡᠪᠦᠯ
ᠠᠯᠤᠰ ᠦ᠋ᠨ ᠰᠠᠯᠬᠢ ᠵᠢᠬᠡᠭᠦᠨ ᠠᠮᠢᠰᠬᠤᠯ ᠶ᠋ᠢᠠᠷ ᠨᠢᠰ ᠭᠡᠬᠦ ᠳᠦ
ᠠᠯᠲᠠᠨ ᠳᠡᠯᠡᠬᠡᠢ ᠶ᠋ᠢᠨ ᠠᠭᠤᠯᠠ ᠲᠠᠯ᠎ᠠ ᠮᠥᠩᠭᠥᠨ ᠬᠤᠶᠠᠭ ᠡᠮᠦᠰᠦᠨ᠎ᠡ ᠃
ᠡᠪᠦᠯ ᠦ᠋ᠨ ᠰᠥᠨᠢ ᠲᠩᠷᠢ ᠶ᠋ᠢᠨ ᠣᠲᠣᠳ ᠣᠴᠢ ᠮᠡᠲᠦ ᠭᠢᠯᠠᠯᠵᠠᠬᠤ ᠳᠦ
ᠠᠭᠤᠲᠠᠮ ᠲᠠᠯ᠎ᠠ ᠳᠦ ᠵᠢᠩᠴᠢᠨ ᠬᠥᠮᠦᠨ ᠪ ᠳᠠᠭᠤ ᠲᠣᠲᠣᠬᠠᠨ ᠰᠣᠨᠣᠰᠲᠠᠨ᠎ᠠ ᠃
ᠥᠨᠲᠥᠷ ᠠᠭᠤᠯᠠ ᠶ᠋ᠢᠨ ᠣᠷᠣᠢ ᠳᠦ ᠪᠤᠲᠠᠩ ᠬᠦᠲᠡᠩ ᠵᠤᠭᠠᠴᠠᠭᠠᠳ
ᠥᠷᠭᠡᠨ ᠲᠠᠯ᠎ᠠ ᠶ᠋ᠢᠨ ᠬᠥᠨᠲᠡᠢ ᠨᠢᠲᠦ ᠬᠢᠯᠪᠠᠮᠡ ᠮᠡᠯᠴᠡᠶ᠋ᠢᠬᠦ ᠳᠦ
ᠪᠡᠯᠴᠢᠭᠡᠷ ᠦ᠋ᠨ ᠮᠠᠯ ᠰᠤᠷᠭᠤᠭ ᠦᠰᠦ ᠪᠡᠨ ᠬᠢᠯᠡᠯᠵᠠᠭᠤᠯᠤᠨ ᠪᠤᠴᠠᠬᠤ ᠳᠦ
ᠢᠲᠡᠷ ᠵᠠᠯᠠᠭᠤ ᠮᠠᠯᠴᠢᠨ ᠲᠡᠭᠦᠨ ᠊ᠢ ᠬᠣᠷᠢᠶᠠᠨ ᠢᠰᠭᠡᠷᠤᠨᠡ ᠃
ᠥᠨᠲᠥᠷ ᠭᠠᠵᠠᠷ ᠦ᠋ᠨ ᠬᠦᠢᠲᠡᠨ ᠴᠢᠮᠥᠭᠡ ᠴᠠᠷᠴᠠᠮᠠ ᠡᠷᠴᠢᠲᠡᠢ
ᠮᠣᠩᠭᠣᠯ ᠦ᠋ᠨ ᠵᠠᠯᠠᠭᠤᠰ ᠨᠢᠭᠤᠷ ᠲᠠᠭᠠᠨ ᠴᠣᠭ ᠲᠠᠢ ᠨᠢᠲᠦᠨ ᠳ᠋ᠡᠭᠡᠨ ᠭᠠᠯ ᠲᠠᠢ ᠃
ᠵᠢᠷᠭᠤᠭᠠᠨ ᠮᠡᠴᠢᠳ ᠣᠷᠣᠢ ᠳᠡᠭᠡᠷ᠎ᠡ ᠵᠤᠯᠠ ᠶ᠋ᠢᠨ ᠭᠡᠷᠡᠯ ᠬᠠᠵᠠᠭᠤ ᠳᠦ
ᠭᠦᠭᠰᠢᠳ ᠡᠪᠦᠭᠡᠳ ᠭᠠᠯ ᠊ᠢ ᠪᠠᠵᠠᠭᠠᠨ ᠬᠠᠭᠤᠴᠢᠨ ᠦᠭᠡᠰ ᠊ᠢ ᠶᠠᠷᠢᠯᠴᠠᠨ᠎ᠠ ᠃
ᠡᠪᠦᠯ ᠬᠠᠪᠤᠷ ᠵᠤᠨ ᠨᠠᠮᠤᠷ ᠲᠥᠷᠪᠡᠨ ᠤᠯᠠᠷᠢᠯ ᠡᠭᠡᠯᠵᠢᠯᠡᠵᠦ
ᠠᠭᠤᠯᠠ ᠤᠰᠤ ᠨᠠᠷᠠ ᠰᠠᠷ᠎ᠠ ᠳᠥᠷᠪᠡ ᠲᠡᠢ ᠨᠥᠬᠥᠷᠯᠡᠨᠡ ᠃
ᠬᠥᠮᠦᠨ ᠪᠦᠷᠢ ᠥᠲᠡᠭᠦᠰ ᠊ᠢ ᠦᠲᠡᠵᠦ ᠨᠢᠯᠬᠠᠰ ᠊ᠢ ᠤᠭᠲᠤᠨ ᠪᠠᠶᠠᠰᠴᠤ
ᠮᠢᠩᠭᠠᠨ ᠮᠢᠩᠭᠠᠨ ᠵᠢᠯ ᠥᠴᠦᠬᠡᠨ ᠴᠤ᠌ ᠴᠢᠯᠥᠭᠡ ᠵᠠᠪ ᠦᠭᠡᠢ ᠃
ᠦᠰᠦᠭ᠋ ᠠᠮᠢᠯᠠᠭᠤᠯᠤᠭᠴᠢ ᠄ ᠰᠢᠯᠤᠭᠤᠨ
ᠬᠢᠨᠠᠭᠴᠢ ᠄ ᠪᠠᠶᠠᠷᠴᠡᠴᠡᠭ ᠪᠠᠭ᠍ᠰᠢ
