ᠦᠨᠡᠨᠴᠢ ᠢᠲᠡᠭᠡᠯ – ᠪᠡᠬᠡᠪᠢᠷ Үнэнч итгэл – Бэхбир ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠨᠡᠨᠴᠢ ᠢᠲᠡᠭᠡᠯ – ᠪᠡᠬᠡᠪᠢᠷ Үнэнч итгэл – Бэхбир

ᠦᠨᠡᠨᠴᠢ ᠢᠲᠡᠭᠡᠯ – ᠪᠡᠬᠡᠪᠢᠷ Үнэнч итгэл – Бэхбир

2023-02-24

260

ᠦᠨᠡᠨᠴᠢ ᠢᠲᠡᠭᠡᠯ


                  ᠵᠣᠬᠢᠶᠠᠭᠴᠢ — ᠪᠡᠬᠡᠪᠢᠷ
  1
 ᠠᠨᠲᠠ ᠶ᠋ᠢᠨ ᠵᠢᠷᠤᠮ ᠳᠦ ᠮᠥᠩᠬᠡᠵᠢᠬᠦ ᠦᠨᠡᠨᠴᠢ ᠢᠲᠡᠭᠡᠯ
 ᠠᠶᠤᠤᠯᠢᠬᠠᠢ ᠴᠡᠭᠡᠵᠢᠨ ᠳᠦ ᠮᠢᠨᠢ ᠭᠦᠨ ᠲᠣᠭᠲᠠᠨᠠᠮ
 ᠠᠮᠢᠲᠤᠷᠠᠯ  ᠳᠦ ᠦᠨᠢᠲᠡ ᠬᠣᠨᠣᠭᠰᠢᠬᠤ ᠦᠨᠡᠨᠴᠢ ᠢᠲᠡᠭᠡᠯ
 ᠠᠵᠢᠯ ᠦᠢᠯᠡᠰ᠎ ᠲᠦ ᠭᠢᠯᠪᠠᠬ᠋᠎ᠠ ᠨᠡᠮᠡᠷᠢᠯᠡᠨᠡᠮ
  2
 ᠬᠠᠷᠠᠴᠠᠨ ᠳᠦ ᠭᠦᠶᠦᠯᠭᠡᠭᠰᠡᠨ ᠦᠨᠡᠨᠴᠢ ᠢᠲᠡᠭᠡᠯ
 ᠬᠠᠶ᠋ᠢᠷ᠎ᠠ ᠳᠦ ᠮᠥᠩᠬᠡᠷᠡᠬᠦ ᠪᠠᠶ᠋ᠢᠯᠭᠦᠢ
 ᠬᠠᠯᠠᠮᠵᠢ ᠣᠯᠭᠣᠨ ᠰᠣᠶᠣᠷᠬᠠᠬᠤ ᠦᠨᠡᠨᠴᠢ ᠢᠲᠡᠭᠡᠯ
 ᠬᠠᠷᠠᠮ ᠦᠭᠡᠢ ᠵᠣᠷᠢᠭᠤᠯᠬᠤ ᠪᠠᠶ᠋ᠢᠯᠭᠦᠢ
  3
 ᠭᠣᠣᠯ ᠵᠢᠷᠦᠬᠡᠨ ᠡᠴᠡ ᠣᠷᠭᠢᠯᠬᠤ ᠦᠨᠡᠨᠴᠢ ᠢᠲᠡᠭᠡᠯ
 ᠭᠤᠸ᠋᠎ᠠ ᠰᠠᠶ᠋ᠢᠬᠠᠨ ᠪ ᠡᠭᠦᠳᠦᠭᠴᠢ ᠪᠣᠯᠬᠤ ᠨᠢ ᠶᠠᠷᠢᠶᠠᠨ ᠦᠭᠡᠢ
 ᠭᠣᠯᠣᠮᠲᠠ ᠪᠠᠨ ᠪᠠᠲᠠᠷᠠᠭᠤᠯᠤᠨ ᠬᠦᠭᠵᠢᠭᠦᠯᠬᠦ ᠦᠨᠡᠨᠴᠢ ᠢᠲᠡᠭᠡᠯ
 ᠭᠤᠲᠤᠮᠰᠢᠬ ᠵᠢᠭ᠌ᠰᠢᠯ ᠡᠴᠡ ᠵᠠᠶ᠋ᠢᠯᠠᠰᠬᠢᠬᠤ ᠨᠢ ᠶᠠᠷᠢᠶᠠᠨ ᠦᠭᠡᠢ
  4 
 ᠢᠲᠡᠭᠡᠯᠴᠡᠭᠰᠡᠳ ᠦ᠋ᠨ ᠬᠣᠭᠣᠷᠣᠨᠲᠣ ᠪᠤᠢ ᠦᠨᠡᠨᠴᠢ ᠢᠲᠡᠭᠡᠯ
 ᠢᠷᠡᠭᠡᠲᠦᠢ ᠳᠦ ᠭᠡᠷᠡᠴᠢᠯᠡᠭᠳᠡᠬᠦ ᠶᠣᠰᠣᠲᠠᠢ
 ᠢᠷᠥᠭᠡᠯ ᠮᠠᠭᠲᠠᠭᠠᠯ ᠳᠦ ᠡᠷᠬᠢᠮᠯᠡᠭᠰᠡᠨ ᠦᠨᠡᠨᠴᠢ ᠢᠲᠡᠭᠡᠯ
 ᠢᠪᠡᠭᠡᠵᠦ ᠴᠢᠮᠠᠶ᠋ᠢ ᠤᠷᠤᠭᠰᠢᠯᠠᠭᠤᠯᠲᠠᠭ  ᠶᠣᠰᠣᠲᠠᠢ
  5
 ᠬᠠᠨᠢ ᠶ᠋ᠢᠨ ᠬᠣᠭᠣᠷᠣᠨᠲᠣᠬᠢ ᠦᠨᠡᠨᠴᠢ ᠢᠲᠡᠭᠡᠯ
 ᠬᠠᠯᠠᠭᠤᠮᠰᠤᠭ ᠰᠡᠤᠠᠬᠢᠯᠭᠡ ᠪᠡᠷ ᠪᠢᠯᠬᠠᠮ᠎ᠠ ᠪᠠᠶ᠋ᠢᠭᠠᠰᠠᠢ
 ᠬᠠᠲᠠᠭᠤ ᠪᠡᠷᠬᠡ ᠶ᠋ᠢ ᠳᠠᠪᠠᠮ᠎ᠠ ᠦᠨᠡᠨᠴᠢ ᠢᠲᠡᠭᠡᠯ
 ᠬᠠᠯᠠᠰᠢᠷᠠᠬᠤ ᠦᠭᠡᠢ ᠴᠢᠮ᠎ᠠ ᠶ᠋ᠢ ᠪᠣᠯᠪᠠᠰᠤᠷᠠᠭᠤᠯᠵᠤ ᠪᠠᠶ᠋ᠢᠭᠠᠰᠠᠢ
  6
 ᠥᠷᠥᠴᠡ ᠵᠢᠷᠦᠬᠡᠨ ᠡᠴᠡ ᠤᠨᠲᠤᠷᠬᠤ ᠦᠨᠡᠨᠴᠢ ᠢᠲᠡᠭᠡᠯ
 ᠦᠨᠢᠲᠡ ᠴᠢᠮ᠎ᠠ  ᠳᠦ  ᠦᠢᠯᠡᠴᠢᠯᠡᠬᠦ ᠪᠣᠯᠲᠤᠭᠠᠢ
 ᠦᠯᠡᠮᠵᠢ ᠶ᠋ᠢᠨ ᠴᠢᠨᠠᠷ ᠬᠠᠲᠠᠭᠠᠯᠠᠭᠰᠠᠨ ᠦᠨᠡᠨᠴᠢ ᠢᠲᠡᠭᠡᠯ
 ᠦᠷᠭᠦᠯᠵᠢ ᠴᠢᠮ᠎ᠠ  ᠳᠦ  ᠵᠢᠯᠣᠭᠣᠲᠤᠯᠬ᠋᠎ᠠ ᠪᠣᠯᠲᠤᠭᠠᠢ
  7
 ᠲᠡᠦᠬᠡ ᠰᠣᠶᠣᠯ  ᠳᠦ ᠦᠵᠡᠭᠦᠯᠦᠭᠰᠡᠨ ᠦᠨᠡᠨᠴᠢ ᠢᠲᠡᠭᠡᠯ
 ᠲᠡᠷᠡ ᠣᠯᠠᠨ  ᠳᠦ ᠳᠠᠭᠤᠷᠢᠶᠠᠯ ᠪᠣᠯᠲᠤᠭᠠᠢ
 ᠲᠡᠷᠢᠭᠦᠨ ᠪ ᠦᠢᠯᠡ ᠶ᠋ᠢ ᠰᠢᠵᠢᠮᠯᠡᠭᠰᠡᠨ ᠦᠨᠡᠨᠴᠢ ᠢᠲᠡᠭᠡᠯ
 ᠲᠡᠮᠡᠴᠡᠯ ᠦ᠋ᠨ ᠰᠠᠶ᠋ᠢᠬᠠᠨ ᠳᠦ ᠮᠥᠩᠬᠡᠷᠡᠬᠦ ᠪᠣᠯᠲᠤᠭᠠᠢ
  8
 ᠤᠷᠤᠭᠰᠢᠯᠠᠵᠤ ᠳᠠᠪᠰᠢᠬᠤ ᠳᠦ ᠡᠷᠬᠢᠮ ᠦᠨᠡᠨᠴᠢ ᠢᠲᠡᠭᠡᠯ
 ᠣᠶᠤᠨ ᠲᠠᠷᠢᠬᠢ ᠶ᠋ᠢ ᠮᠢᠨᠢ ᠡᠵᠡᠮᠲᠡᠨᠡᠮ
 ᠤᠴᠠᠷᠠᠯᠲᠤ ᠬᠣᠷᠸ᠋᠎ᠠ ᠳᠦ ᠨᠠᠨᠲᠢᠨ ᠦᠨᠡᠨᠴᠢ ᠢᠲᠡᠭᠡᠯ
 ᠤᠭᠰᠠᠬ᠋᠎ᠠ ᠦᠨᠲᠦᠰᠦᠲᠡᠨ ᠊ᠢ ᠮᠢᠨᠢ ᠤᠷᠤᠭᠰᠢᠯᠠᠭᠤᠯᠤᠨᠠᠮ !
 
             ᠦᠰᠦᠭ ᠠᠮᠢᠯᠠᠭᠤᠯᠤᠭᠴᠢ —  ᠡᠷᠳᠡᠨᠢᠴᠡᠴᠡᠭ
                 ᠬᠢᠨᠠᠭᠴᠢ  ᠄  ᠣᠳᠬᠠᠨᠰᠣᠸ᠎ᠠ