ᠮᠠᠯᠴᠢᠳ ᠶ᠋ᠢᠠᠨ ᠥᠮᠥᠭᠯᠡᠵᠦ ᠪᠢᠴᠢᠭᠰᠡᠨ ᠰᠢᠯᠦᠭ – ᠬᠣᠨᠲᠣᠨ ᠪᠠᠭᠠᠲᠤᠷ Малчдаа өмөглөж бичсэн шүлэг – Хунтун Баатар
ᠮᠠᠯᠴᠢᠳ ᠶ᠋ᠢᠠᠨ ᠥᠮᠥᠭᠯᠡᠵᠦ ᠪᠢᠴᠢᠭᠰᠡᠨ ᠰᠢᠯᠦᠭ
ᠬᠣᠨᠲᠣᠨ · ᠪᠠᠭᠠᠲᠤᠷ
ᠵᠢᠯ ᠦ᠋ᠨ ᠳᠥᠷᠪᠡᠨ ᠤᠯᠠᠷᠢᠯ ᠳᠦ ᠠᠮᠠᠷᠠᠯᠲᠠ ᠭᠡᠵᠦ ᠪᠠᠶ᠋ᠢᠲᠠᠭ ᠦᠭᠡᠢ
ᠵᠢᠷᠦᠬᠡᠨ ᠲᠠᠮᠢᠷ ᠶ᠋ᠢᠠᠨ ᠰᠢᠪᠬᠠᠵᠤ ᠪᠠᠶ᠋ᠢᠭᠠᠯᠢ ᠨᠤᠲᠤᠭ ᠶ᠋ᠢᠠᠨ ᠠᠷᠭᠠᠲᠠᠭᠰᠠᠨ
ᠵᠢᠷ ᠦ᠋ᠨ ᠡᠭᠡᠯ ᠬᠥᠲᠡᠯᠮᠦᠷᠢᠴᠢ ᠂ ᠬᠥᠲᠡᠭᠡ ᠶ᠋ᠢᠨ ᠪᠣᠷᠣᠬᠠᠨ ᠬᠥᠮᠦᠰ ᠊ᠢ
ᠵᠢᠭᠲᠡᠢ ᠮᠠᠭᠤᠬᠠᠢ ᠪᠦᠳᠦᠭᠦᠯᠢᠭ ᠭᠡᠵᠦ ᠳᠡᠩᠳᠡᠭᠦᠦ ᠪᠢᠲᠡᠭᠡᠢ ᠭᠠᠲᠠᠭᠤᠷᠴᠢᠯᠠ
ᠮᠣᠩᠭᠣᠯ ᠨᠤᠲᠤᠭ ᠦ᠋ᠨ ᠵᠢᠩᠬᠢᠨᠢ ᠡᠵᠡᠳ ᠲᠡᠲᠡ ᠪᠠᠶ᠋ᠢᠬ᠋᠎ᠠ ᠶᠤᠮ
ᠮᠣᠷᠢᠲᠠᠨ ᠤᠲᠤᠮ ᠦ᠋ᠨ ᠴᠡᠪᠡᠷ ᠴᠢᠰᠤ ᠲᠡᠲᠡ ᠪᠠᠶ᠋ᠢᠬ᠋᠎ᠠ ᠶᠤᠮ ᠂
ᠤᠤᠷ ᠰᠣᠶᠣᠯ ᠦ᠋ᠨ ᠡᠷᠲᠡᠨᠢᠲᠦ ᠥᠪ ᠲᠡᠲᠡ ᠪᠠᠶ᠋ᠢᠬ᠋᠎ᠠ ᠶᠤᠮ
ᠠᠭᠤᠲᠠᠮ ᠲᠠᠯ᠎ᠠ ᠪᠠᠨ ᠴᠣᠭᠴᠠᠯᠠᠨ ᠬᠠᠮᠠᠭᠠᠯᠠᠭᠴᠢ ᠲᠡᠲᠡ ᠪᠠᠶ᠋ᠢᠬ᠋᠎ᠠ ᠶᠤᠮ ᠃
ᠦᠦᠷ ᠦ᠋ᠨ ᠴᠣᠯᠮᠣᠨ ᠲᠠᠢ ᠤᠷᠤᠯᠲᠤᠨ ᠰᠠᠭᠠᠯᠢ ᠶ᠋ᠢᠨ ᠳᠡᠭᠡᠵᠢ ᠪᠡᠨ ᠡᠷᠭᠦᠳᠡᠭ
ᠦᠲᠡᠰᠢ ᠶ᠋ᠢᠨ ᠲᠤᠯᠤᠩ ᠲᠠᠢ ᠵᠡᠷᠭᠡᠴᠡᠨ ᠡᠲᠦᠷ ᠦ᠋ᠨ ᠠᠵᠢᠯ ᠶ᠋ᠢᠠᠨ ᠵᠠᠪᠰᠠᠷᠯᠠᠲᠠᠭ
ᠡᠭᠦᠯᠡ ᠨᠠᠷᠠᠨ ᠪ ᠬᠤᠪᠢᠷᠠᠯᠲᠠ ᠪᠠᠷ ᠴᠠᠭ ᠠᠭᠤᠷ ᠊ᠢ ᠰᠢᠨᠵᠢᠳᠡᠭ
ᠥᠷᠥᠪᠴᠢᠬᠡᠨ ᠰᠡᠤᠠᠬᠢᠯᠲᠦ ᠮᠠᠯᠴᠢᠳ ᠊ᠢ ᠦᠬᠡᠷ ᠲᠡᠨᠡᠭ ᠭᠡᠵᠦ ᠪᠤᠤ ᠪᠠᠰᠤ
ᠡᠬᠡ ᠮᠣᠩᠭᠣᠯ ᠬᠡᠯᠡᠨ ᠪ ᠦᠨᠲᠦᠰᠦ ᠰᠤᠷᠪᠤᠯᠵᠢ ᠨᠢ ᠲᠡᠲᠡ ᠪᠠᠶ᠋ᠢᠬ᠋᠎ᠠ ᠶᠤᠮ
ᠡᠷᠢᠭᠡᠳ ᠣᠯᠲᠠᠰᠢ ᠦᠭᠡᠢ ᠠᠮᠢᠲᠤ ᠲᠣᠯᠢ ᠪᠢᠴᠢᠭ ᠲᠡᠲᠡ ᠪᠠᠶ᠋ᠢᠬ᠋᠎ᠠ ᠶᠤᠮ
ᠡᠷᠲᠡᠮ ᠰᠢᠨᠵᠢᠯᠡᠭᠡᠨ ᠳᠦ ᠨᠤᠲᠠᠯᠠᠭᠲᠠᠬ᠋ᠠ ᠦᠭᠡᠢ ᠰᠢᠨᠵᠢᠯᠡᠬᠦ ᠤᠬᠠᠭᠠᠨ ᠲᠡᠲᠡ ᠪᠠᠶ᠋ᠢᠬ᠋᠎ᠠ ᠶᠤᠮ
ᠡᠩᠭᠡᠷ ᠲᠡᠭᠡᠨ ᠮᠸᠳᠠᠯ ᠵᠡᠭᠦᠭᠡ ᠦᠭᠡᠢ ᠭᠠᠪᠢᠶᠠᠲᠠᠨ ᠲᠡᠲᠡ ᠪᠠᠶ᠋ᠢᠬ᠋᠎ᠠ ᠶᠤᠮ
ᠬᠠᠶᠠ ᠨᠢᠭᠡ ᠬᠣᠲᠠ ᠣᠷᠣᠵᠤ ᠬᠡᠲᠦᠭᠦᠯᠡ ᠨᠡᠶ᠋ᠢᠯᠡᠭᠡᠳ ᠬᠥᠭᠡᠷᠦᠯᠲᠦᠬᠦ ᠳᠦ ᠨᠢ
ᠬᠥᠯᠴᠥᠭᠦᠦ ᠰᠣᠭᠲᠣᠭᠤ ᠬᠥᠲᠡᠭᠡ ᠶ᠋ᠢᠨ ᠠᠷᠢᠬᠢᠴᠢᠨ ᠭᠡᠵᠦ ᠪᠢᠲᠡᠭᠡᠢ ᠡᠯᠡᠭᠯᠡ
ᠬᠥᠮᠦᠨ ᠬᠣᠷᠸ᠋᠎ᠠ ᠶ᠋ᠢᠨ ᠬᠠᠮᠤᠭ ᠬᠠᠲᠠᠭᠤ ᠣᠷᠴᠢᠨ ᠳᠦ ᠨᠠᠰᠤ ᠪᠠᠷ ᠶ᠋ᠢᠠᠨ ᠵᠢᠤᠠᠬᠦᠬᠦ ᠳ᠋ᠡᠭᠡᠨ
ᠬᠤᠪᠢ ᠵᠠᠶᠠᠬ᠋᠎ᠠ ᠮᠠᠭᠤ ᠭᠡᠵᠦ ᠬᠡᠨ ᠳᠦ ᠴᠤ᠌ ᠭᠣᠮᠣᠲᠠᠬ᠋ᠠ ᠦᠭᠡᠢ ᠴᠠᠶ᠋ᠢᠯᠭᠠᠨ ᠬᠥᠮᠦᠰ ᠶᠤᠮ
ᠬᠣᠲᠠ ᠶ᠋ᠢᠨ ᠬᠢᠨ ᠰᠢᠭ᠋ ᠭᠠᠩᠭᠠᠩ ᠬᠤᠪᠴᠠᠰᠤᠯᠠᠵᠤ ᠤᠷᠠᠨ ᠬᠣᠩᠰᠢᠶᠠᠷᠯᠠᠬᠤ ᠦᠭᠡᠢ
ᠬᠤᠲᠠᠯ ᠢᠨᠢᠶᠡᠵᠦ ᠂ ᠬᠣᠶ᠋ᠢᠭᠤᠷ ᠴᠢᠨᠢ ᠤᠰᠤ ᠭᠦᠶᠦᠯᠭᠡᠬᠦ ᠮᠠᠭᠤᠬᠠᠢ ᠵᠠᠩ ᠦᠭᠡᠢ
ᠬᠣᠷᠣᠬᠠᠢ ᠰᠢᠪᠡᠵᠢ ᠶ᠋ᠢ ᠴᠤ᠌ ᠬᠥᠭᠡᠷᠦᠬᠦᠢᠯᠡᠨ ᠦᠷᠦᠪᠳᠡᠳᠡᠭ ᠥᠷᠥᠪᠴᠢᠬᠡᠨ ᠰᠡᠤᠠᠬᠢᠯ ᠲᠡᠢ
ᠬᠣᠷᠸ᠋᠎ᠠ ᠳᠡᠯᠡᠬᠡᠢ ᠶ᠋ᠢᠨ ᠬᠠᠮᠤᠭ ᠠᠰᠪᠤᠷ ᠪᠣᠷᠣᠭᠵᠢᠭᠤᠨ ᠮᠠᠯᠴᠢᠨ ᠬᠥᠮᠦᠰ ᠮᠢᠨᠢ
ᠳᠠᠯᠠᠢ ᠬᠡᠯᠡᠨ ᠪ ᠪᠠᠶᠠᠯᠢᠬ — ᠮᠠᠯᠴᠢᠨ ᠬᠥᠮᠦᠨ
ᠳᠠᠪᠠᠵᠤ ᠲᠤᠭᠤᠯᠬᠤ ᠣᠮᠣᠭ — ᠮᠠᠯᠴᠢᠨ ᠬᠥᠮᠦᠨ
ᠳᠠᠶᠠᠭᠠᠷ ᠮᠣᠩᠭᠣᠯ ᠦ᠋ᠨ ᠢᠷᠡᠭᠡᠲᠦᠢ — ᠮᠠᠯᠴᠢᠨ ᠬᠥᠮᠦᠨ
ᠳᠠᠶᠠᠩ ᠳᠦ ᠮᠥᠩᠬᠡᠷᠡᠬᠦ ᠢᠲᠡᠭᠡᠯ — ᠮᠠᠯᠴᠢᠨ ᠬᠥᠮᠦᠨ
2020.4.7
ᠦᠰᠦᠭ ᠠᠮᠢᠯᠠᠭᠤᠯᠤᠭᠴᠢ ᠄ ᠳᠠᠪᠰᠢᠯᠲᠦ
ᠬᠢᠨᠠᠭᠴᠢ ᠄ ᠴᠣᠯᠮᠣᠨᠲᠤᠶᠠᠭ᠎ᠠ ᠪᠠᠭᠰᠢ
