ᠬᠠᠮᠤᠭ ᠮᠣᠩᠭᠣᠯ-ᠬᠤᠷᠳᠤ 30 ᠬᠤᠷᠳᠤ ᠬᠠᠮᠲᠤᠯᠢᠭ᠂ ᠳ ᠵᠢᠷᠭᠠᠯᠰᠠᠢᠬᠠᠨ᠂ ᠪ ᠰᠠᠷᠠᠨᠲᠤᠶᠠᠭ᠎ᠠ -Хамаг Монгол-Хурд 30 _ Хурд хамтлаг, Д.Жаргалсайхан, Б.Сарантуяа
ᠬᠠᠮᠤᠭ ᠮᠣᠩᠭᠣᠯ
ᠾᠢᠦᠩᠨᠦ ᠰᠢᠶᠥ᠋ᠩᠨᠦ ᠬᠠᠮᠤᠭ ᠮᠣᠩᠭᠣᠯ ᠡᠷᠲᠡᠨ ᠤ ᠲᠡᠦᠬᠡ ᠮᠢᠨᠢ
ᠴᠢᠩᢉᠢᠰ ᠪᠣᠭᠣᠷᠴᠤ ᠮᠠᠨᠳᠤᠬᠠᠢ ᠰᠡᠴᠡᠨ ᠠᠭᠤᠤ ᠳᠠᢉᠡᠳᠦᠰ ᠮᠢᠨᠢ
ᠠᠮᠢ ᠪᠡᠶ᠎ᠡ ᠪᠡᠨ ᠪᠣᠳᠣᠵᠤ ᠬᠠᠢᠷᠠᠯᠠᠯ ᠦᠭᠡᠢ ᠲᠡᠮᠡᠴᠡᠵᠦ ᠶᠠᠪᠤᠭᠰᠠᠨ
ᠠᠷᠢᠭᠤᠨ ᠳᠠᠭᠱᠠᠨ ᠣᠩᠭᠣᠨ ᠰᠢᠲᠦᠭᠡᠨ ᠮᠢᠨᠦ ᠡᠬᠡ ᠨᠤᠲᠤᠭ
ᠠᠯᠲᠠᠢ ᠬᠠᠩᠭᠠᠢ ᠮᠢᠩᠭ᠎ᠠ ᠮᠢᠩᠭᠠᠨ ᠳᠠᠪᠠᠭᠠᠨ ᠳᠡᠭᠡᠷ᠎ᠡ
ᠬᠠᠳᠠᠭ ᠨᠠᠮᠢᠷᠠᠭᠰᠠᠨ ᠪᠤᠭᠤᠷᠤᠯ ᠰᠢᠲᠦᠭᠡᠨ ᠣᠪᠣᠭ᠎ᠠ ᠲᠠᠬᠢᠯᠭ᠎ᠠ ᠲᠠᠢ
ᠡᠢᠮᠦ ᠰᠠᠢᠬᠠᠨ ᠡᠬᠡ ᠪᠣᠯᠣᠭᠰᠠᠨ ᠨᠤᠲᠤᠭ ᠢᠶᠠᠨ
ᠬᠠᠢᠷᠠᠯᠠᠬᠤ ᠦᠭᠡᠢ ᠪᠠᠢᠬᠤ ᠶᠢᠨ ᠠᠷᠭ᠎ᠠ ᠦᠭᠡᠢ
ᠡᠢᠮᠦ ᠰᠠᠢᠬᠠᠨ ᠮᠣᠩᠭᠣᠯ ᠡᠬᠡ ᠣᠷᠣᠨ ᠢᠶᠠᠨ
ᠳᠠᠭᠤᠯᠠᠬᠤ ᠦᠭᠡᠢ ᠪᠠᠢᠬᠤ ᠶᠢᠨ ᠠᠷᠭ᠎ᠠ ᠦᠭᠡᠢ
ᠬᠥᠷᠥᠰᠥᠲᠦ ᠳᠡᠯᠡᠬᠡᠢ ᠶᠢ ᠠᠶᠤᠯᠭᠠᠵᠤ ᠶᠠᠪᠤᠭᠰᠠᠨ ᠠᠷᠪᠠᠨ ᠭᠤᠷᠪᠠᠳᠤᠭᠠᠷ ᠵᠠᠭᠤᠨ
ᠬᠥᠲᠥᠰᠥᠨ ᠳᠡᠪᠡᠯ ᠲᠠᠢ ᠬᠤᠪᠢᠰᠬᠠᠯ ᠬᠢᠭᠰᠡᠨ ᠬᠣᠷᠢᠨ ᠨᠢᠭᠡᠨ ᠣᠨ
ᠬᠠᠯᠬ᠎ᠠ ᠶᠢᠨ ᠭᠣᠣᠯ ᠬᠠᠢᠯᠠᠰᠤ ᠲᠠᠢ ᠮᠠᠩᠬ᠎ᠠ ᠳᠥᠴᠢᠨ ᠭᠤᠷᠪᠠᠨ ᠣᠨ
ᠬᠣᠷᠸ᠎ᠠ ᠳᠡᠯᠡᠬᠡᠢ ᠳᠦ ᠮᠣᠩᠭᠣᠯ ᠨᠡᠷᠡᠲᠡᠢ ᠮᠢᠨᠦ ᠡᠬᠡ ᠣᠷᠣᠨ
ᠦᠶ᠎ᠡ ᠶᠢᠨ ᠦᠶ᠎ᠡ ᠳᠦ ᠵᠠᠶᠠᠭ᠎ᠠ ᠨᠡᠢᠯᠡᠨ ᠨᠠᠢᠷᠰᠠᠭ ᠠᠮᠢᠳᠤᠷᠠᠭᠰᠠᠨ
ᠦᠨᠳᠦᠰᠦ ᠤᠭᠰᠠᠭ᠎ᠠ ᠨᠤᠲᠤᠭ ᠨᠢᠭᠡᠲᠡᠢ ᠣᠯᠠᠨ ᠶᠠᠰᠤᠲᠠᠨ ᠨᠤᠭᠤᠳ
ᠡᠢᠮᠦ ᠰᠠᠢᠬᠠᠨ ᠡᠬᠡ ᠪᠣᠯᠣᠭᠰᠠᠨ ᠨᠤᠲᠤᠭ ᠢᠶᠠᠨ
ᠬᠠᠢᠷᠠᠯᠠᠬᠤ ᠦᠭᠡᠢ ᠪᠠᠢᠬᠤ ᠶᠢᠨ ᠠᠷᠭ᠎ᠠ ᠦᠭᠡᠢ
ᠡᠢᠮᠦ ᠰᠠᠢᠬᠠᠨ ᠮᠣᠩᠭᠣᠯ ᠡᠬᠡ ᠣᠷᠣᠨ ᠢᠶᠠᠨ
ᠳᠠᠭᠤᠯᠠᠬᠤ ᠦᠭᠡᠢ ᠪᠠᠢᠬᠤ ᠶᠢᠨ ᠠᠷᠭ᠎ᠠ ᠦᠭᠡᠢ
ᠴᠠᠭᠠᠨ ᠭᠡᠷ ᠮᠠᠯ ᠰᠥᠷᠦᠭ ᠮᠢᠨᠢ ᠡᠬᠡ ᠨᠤᠲᠤᠭ ᠤᠨ ᠮᠢᠨᠢ ᠴᠢᠮᠡᠭ
ᠴᠠᠷᠴᠠᠭᠠᠨ ᠴᠠᠷᠭᠢᠶ᠎ᠠ ᠬᠥᠬᠥᠭᠡ ᠶᠢᠨ ᠳᠠᠭᠤ ᠡᠬᠡ ᠨᠤᠲᠤᠭ ᠤᠨ ᠮᠢᠨᠢ ᠤᠶᠠᠩᠭ᠎ᠠ
ᠰᠢᠯᠪᠢᠭᠦᠷ ᠪᠠᠷᠢᠭ᠌ᠰᠠᠨ ᠪᠣᠷᠣ ᠵᠠᠭᠠᠯ ᠤᠳ ᠡᠬᠡ ᠣᠷᠣᠨ ᠤ ᠮᠢᠨᠢ ᠢᠷᠡᠭᠡᠳᠦᠢ
ᠰᠢᠷᠬᠡᠭ ᠴᠢᠯᠠᠭᠤ ᠬᠡᠭᠡᠷ᠎ᠡ ᠶᠢᠨ ᠡᠪᠡᠰᠦ ᠨᠢ ᠴᠦ᠍ ᠡᠬᠡ ᠣᠷᠣᠨ ᠤ ᠮᠢᠨᠢ ᠡᠷᠳᠡᠨᠢ
ᠬᠣᠭᠣᠰᠤᠨ ᠠᠯᠠᠭ᠎ᠠ ᠪᠠᠨ ᠳᠡᠯᠭᠡᠳᠡᠭ ᠦᠭᠡᠢ ᠬᠠᠳᠠᠭ ᠪᠠᠷᠢᠳᠠᠭ ᠮᠣᠩᠭᠣᠯ
ᠬᠣᠶᠠᠷᠬᠠᠨ ᠤᠲᠠᠰᠤ ᠲᠠᠢ ᠮᠣᠷᠢᠨ ᠬᠤᠭᠤᠷ ᠢᠶᠠᠷ ᠢᠶᠠᠨ ᠬᠣᠷᠸ᠎ᠠ ᠶᠢ ᠬᠥᠭᠯᠡᠭᠰᠡᠨ
ᠡᠢᠮᠦ ᠰᠠᠢᠬᠠᠨ ᠡᠬᠡ ᠪᠣᠯᠣᠭᠰᠠᠨ ᠨᠤᠲᠤᠭ ᠢᠶᠠᠨ
ᠬᠠᠢᠷᠠᠯᠠᠬᠤ ᠦᠭᠡᠢ ᠪᠠᠢᠬᠤ ᠶᠢᠨ ᠠᠷᠭ᠎ᠠ ᠦᠭᠡᠢ
ᠡᠢᠮᠦ ᠰᠠᠢᠬᠠᠨ ᠮᠣᠩᠭᠣᠯ ᠡᠬᠡ ᠣᠷᠣᠨ ᠢᠶᠠᠨ
ᠳᠠᠭᠤᠯᠠᠬᠤ ᠦᠭᠡᠢ ᠪᠠᠢᠬᠤ ᠶᠢᠨ ᠠᠷᠭ᠎ᠠ ᠦᠭᠡᠢ
《ᠰᠠᠷᠠᠨ᠎ᠠ ᠴᠡᠴᠡᠭ》 ᠳᠠᠪᠴᠠᠩ ᠦᠰᠦᠭ ᠠᠮᠢᠯᠠᠭᠤᠯᠪᠠ᠃
