ᠠᠯᠲᠠᠨ ᠲᠣᠭᠣᠨᠣᠲᠤ ᠮᠣᠩᠭᠣᠯ ᠭᠡᠷАлтан тоонот монгол гэр
ᠠᠯᠲᠠᠨ ᠲᠣᠭᠣᠨᠣᠲᠤ ᠮᠣᠩᠭᠣᠯ ᠭᠡᠷ
ᠵᠤᠨ ᠡᠪᠦᠯ ᠢᠶ᠋ᠡᠷ ᠡᠭᠡᠯᠵᠢᠯᠡᠭᠰᠡᠨ ᠂
ᠵᠢᠷᠤᠭ ᠤᠨ ᠳᠥᠷᠪᠡᠨ ᠤᠯᠠᠷᠢᠯ ᠳ᠋ᠠᠭᠠᠨ ᠂
ᠨᠠᠯᠠᠭᠠᠷ ᠨᠤᠲᠤᠭ ᠢᠶ᠋ᠠᠨ ᠬᠡᠭᠡᠯᠡᠨ
ᠬᠡᠭᠡᠯᠡᠨ ᠂
ᠨᠠᠷᠠᠨ ᠲᠠᠮᠠᠭᠠᠯᠠᠵᠤ ᠨᠡᠭᠦᠳᠡᠯᠯᠡᠭᠰᠡᠨ ᠂
ᠠᠪᠤ ᠶ᠋ᠢᠨ ᠮᠢᠨᠢ ᠠᠪᠤ ᠶ᠋ᠢᠨ
ᠡᠷᠭᠦᠭᠰᠡᠨ ᠂
ᠠᠯᠲᠠᠨ ᠲᠣᠭᠣᠨᠣᠲᠤ ᠮᠣᠩᠭᠣᠯ ᠭᠡᠷ ᠮᠢᠨᠢ ᠂
ᠡᠵᠢ ᠶ᠋ᠢᠨ ᠮᠢᠨᠢ ᠡᠵᠢ ᠶ᠋ᠢᠨ
ᠴᠢᠩᠭᠠᠯᠠᠭᠰᠠᠨ ᠂
ᠡᠷᠳᠡᠨᠢ ᠶ᠋ᠢᠨ ᠪᠦᠰᠡᠯᠡᠭᠦᠷᠲᠦ ᠮᠣᠩᠭᠣᠯ
ᠭᠡᠷ ᠮᠢᠨᠢ ᠂
ᠴᠠᠰᠤ ᠪᠣᠷᠣᠭ᠎ᠠ ᠨᠢ ᠮᠢᠯᠢᠶᠠᠭᠰᠠᠨ ᠂
ᠴᠠᠭ ᠴᠠᠭ ᠤᠨ ᠥᠩᠭᠡᠨ ᠳᠦ ᠪᠡᠨ ᠂
ᠰᠠᠷᠠᠭᠤᠯ ᠨᠤᠲᠤᠭ ᠢᠶ᠋ᠠᠨ ᠴᠢᠮᠡᠨ
ᠴᠢᠮᠡᠭᠡᠳ ᠂
ᠰᠠᠷᠠᠨ ᠥᠨᠵᠢᠭᠦᠯᠵᠦ ᠴᠡᠮᠴᠡᠶ᠋ᠢᠭᠰᠡᠨ ᠂
ᠡᠵᠢ ᠶ᠋ᠢᠨ ᠮᠢᠨᠢ ᠡᠵᠢ ᠶ᠋ᠢᠨ
ᠲᠠᠲᠠᠭᠰᠠᠨ ᠂
ᠡᠷᠳᠡᠨᠢ ᠶ᠋ᠢᠨ ᠡᠷᠦᠬᠡᠲᠦ ᠮᠣᠩᠭᠣᠯ ᠭᠡᠷ
ᠮᠢᠨᠢ ᠂
ᠠᠪᠤ ᠶ᠋ᠢᠨ ᠮᠢᠨᠢ ᠠᠪᠤ ᠶ᠋ᠢᠨ
ᠵᠠᠩᠭᠢᠳᠤᠭᠰᠠᠨ ᠂
ᠠᠯᠲᠠᠨ ᠴᠢᠬᠳᠠᠭᠠᠲᠤ ᠮᠣᠩᠭᠣᠯ ᠭᠡᠷ ᠮᠢᠨᠢ
᠂
