ᠪᠢ – ᠪᠠᠳᠠᠷᠠ Би – Бадар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ – ᠪᠠᠳᠠᠷᠠ Би – Бадар

ᠪᠢ – ᠪᠠᠳᠠᠷᠠ Би – Бадар

2023-02-23

246

ᠪᠢ

                      
                        ᠪᠠᠲᠠᠷᠠ

 ᠬᠠᠶ᠋ᠢᠷᠠᠯᠠᠨ  ᠦᠰᠭᠡᠭᠰᠡᠨ ᠠᠪᠤ ᠡᠵᠢ ᠲᠡᠢ
 ᠬᠠᠮᠠᠭᠠᠯᠠᠵᠤ  ᠦᠭᠦᠭᠡᠷᠲᠡᠭᠰᠡᠨ ᠠᠬ᠎ᠠ ᠡᠭᠡᠴᠢ ᠲᠡᠢ
 ᠪᠤᠶᠠᠨ ᠶ᠋ᠢᠠᠨ ᠬᠠᠶ᠋ᠢᠷᠠᠯᠠᠭᠰᠠᠨ ᠠᠪᠠᠬ᠋᠎ᠠ ᠨᠠᠭᠠᠴᠤ ᠲᠠᠢ
 ᠪᠣᠯᠪᠠᠰᠤᠷᠠᠯ ᠡᠷᠲᠡᠮ ᠬᠦᠷᠲᠡᠭᠡᠭᠰᠡᠨ ᠣᠯᠠᠨ ᠪᠠᠭᠰᠢ ᠲᠠᠢ
 ᠪᠢ ᠪᠤᠶᠠᠨ ᠬᠡᠰᠢᠭ ᠲᠡᠢ ᠬᠥᠮᠦᠨ
 ᠲᠩᠷᠢ ᠶ᠋ᠢᠨ ᠢᠪᠡᠭᠡᠯ ᠲᠡᠢ ᠲᠦᠷᠦᠭᠰᠡᠨ ᠬᠥᠮᠦᠨ
 ᠳᠠᠭᠤᠯᠠᠭᠠᠳ ᠤᠶᠠᠷᠠᠬᠤ ᠰᠢᠯᠦᠭ ᠲᠡᠢ
 ᠳᠤᠷᠠᠯᠠᠭᠠᠳ ᠬᠠᠶ᠋ᠢᠷᠠᠯᠠᠬᠤ ᠪᠦᠰᠡᠭᠦᠢ ᠲᠡᠢ
 ᠳᠤᠷᠠᠰᠴᠤ ᠨᠥᠬᠥᠷᠯᠡᠬᠦ ᠨᠠᠶ᠋ᠢᠵᠠ ᠦ᠋ᠳ ᠲᠠᠢ
 ᠳᠣᠮᠣᠭ ᠲᠡᠦᠬᠡᠲᠦ ᠨᠤᠲᠤᠭ ᠤᠰᠤ ᠲᠠᠢ
 ᠪᠢ ᠠᠵᠠ ᠵᠢᠷᠭᠠᠯ ᠲᠠᠢ ᠬᠥᠮᠦᠨ
 ᠳᠡᠭᠡᠳᠦ ᠶ᠋ᠢᠨ ᠢᠷᠥᠭᠡᠯ ᠲᠡᠢ ᠲᠦᠷᠦᠭᠰᠡᠨ ᠬᠥᠮᠦᠨ
 ᠡᠨᠡᠷᠢᠨ ᠬᠠᠶ᠋ᠢᠷᠠᠯᠠᠬᠤ ᠦᠷ᠎ᠡ ᠬᠡᠦᠬᠡᠳ ᠲᠡᠢ
 ᠡᠷᠬᠢᠮᠨᠡᠨ ᠳᠡᠭᠡᠳᠦᠯᠡᠬᠦ ᠲᠡᠦᠬᠡ ᠰᠣᠶᠣᠯ ᠲᠠᠢ
 ᠡᠷᠴᠢᠯᠡᠨ ᠲᠡᠮᠡᠦᠯᠬᠦ ᠬᠦᠰᠡᠯ ᠮᠥᠷᠥᠭᠡᠲᠦᠯ ᠲᠡᠢ
 ᠡᠨᠡ ᠳᠡᠯᠡᠬᠡᠢ ᠳᠦ ᠲᠣᠲᠣᠷᠠᠬᠤ ᠤᠯᠠ ᠮᠥᠷ ᠲᠡᠢ
 ᠪᠢ ᠮᠣᠩᠭᠣᠯ ᠬᠥᠮᠦᠨ
 ᠪᠤᠭᠤᠷᠤᠯ ᠳᠡᠭᠡᠳᠦᠰ ᠦ᠋ᠨ ᠤᠲᠤᠮ ᠵᠠᠯᠭᠠᠭᠰᠠᠨ ᠬᠥᠮᠦᠨ ᠃

                ᠰᠢᠨᠵᠢᠶᠠᠩ ᠦ᠋ᠨ ᠪᠠᠶᠠᠨᠭᠤᠤᠯ ᠳᠦ
                2022 ᠂10 ᠂19
 
             ᠦᠰᠦᠭ ᠠᠮᠢᠯᠠᠭᠤᠯᠤᠭᠴᠢ ᠄  ᠲᠩᠷᠢ ᠂ ᠡᠵᠢ 
                ᠬᠢᠨᠠᠭᠴᠢ ᠄  ᠴᠣᠯᠮᠣᠨᠲᠤᠶᠠᠭ᠎ᠠ ᠪᠠᠭᠰᠢ