ᠮᠥᠷᠭᠥᠯ ᠦᠨ ᠶᠣᠰᠣ – ᠴ ᠂ ᠠᠯᠤᠰ Мөргөлийн ёс – Ч ᠂ Алс
ᠮᠥᠷᠭᠥᠯ ᠦᠨ ᠶᠣᠰᠣ
ᠴ · ᠠᠯᠤᠰ
ᠠᠯᠤᠰ ᠬᠣᠯᠠ ᠠ᠋ᠴᠠ ᠢᠷᠡᠬᠦ ᠳᠦ ᠠᠪᠤ ᠡᠵᠢ ᠳᠦ ᠪᠠᠨ ᠮᠥᠷᠭᠥᠨ᠎ᠡ
ᠠᠶ᠋ᠢᠯ ᠰᠠᠭᠠᠬᠠᠯᠲᠠ ᠶ᠋ᠢᠨ ᠤᠯᠠᠨ ᠳᠦ ᠪᠠᠨ ᠠᠲᠠᠯᠢᠬᠠᠨ ᠶᠣᠰᠣᠷᠬᠠᠵᠤ ᠮᠥᠷᠭᠥᠨ᠎ᠡ
ᠠᠲᠠᠭᠠᠲᠤ ᠲᠠᠪᠤᠨ ᠲᠩᠷᠢ ᠳᠦ ᠰᠠᠴᠤᠯᠢ ᠡᠷᠭᠦᠵᠦ ᠮᠥᠷᠭᠥᠨ᠎ᠡ
ᠠᠷᠢᠭᠤᠨ ᠰᠢᠲᠦᠭᠡᠨ ᠪ ᠭᠠᠯ ᠳᠦ ᠰᠠᠩ ᠲᠠᠯᠪᠢᠵᠤ ᠮᠥᠷᠭᠥᠨ᠎ᠡ
ᠮᠥᠷᠭᠥᠵᠦ ᠰᠥᠬᠥᠷᠡᠬᠦ ᠮᠣᠩᠭᠣᠯ ᠦ᠋ᠨ ᠶᠣᠰᠣ
ᠮᠥᠩᠬᠡ ᠦᠯᠡᠲᠡᠬᠦ ᠡᠷᠬᠢᠮ ᠵᠠᠩᠰᠢᠯ
ᠣᠪᠣᠬ᠋ᠠ ᠣᠷᠣᠳ ᠊ᠢ ᠲᠠᠬᠢᠬᠤ ᠳᠦ ᠴᠢᠯᠠᠭᠤ ᠨᠡᠮᠡᠵᠦ ᠮᠥᠷᠭᠥᠨ᠎ᠡ
ᠤᠷᠢᠬᠰᠠᠨ ᠰᠠᠭᠠᠲᠠᠭᠰᠠᠨ ᠭᠡᠶ᠋ᠢᠴᠢᠳ ᠲᠦ ᠰᠠᠷᠬᠤᠳ ᠬᠡᠮᠨᠡᠵᠦ ᠮᠥᠷᠭᠥᠨ᠎ᠡ
ᠠᠮᠪᠠᠨ ᠰᠢᠭᠦᠰᠦ ᠮᠢᠯᠢᠶᠠᠬᠤ ᠳᠦ ᠳᠡᠭᠡᠵᠢ ᠡᠷᠭᠦᠨ ᠮᠥᠷᠭᠥᠨ᠎ᠡ
ᠠᠯᠲᠠᠷ ᠳᠤᠷᠠᠰᠬᠠᠯ ᠲᠤᠰᠬᠤ ᠳᠦ ᠰᠡᠤᠠᠬᠢᠯ ᠪᠥᠬᠥᠶ᠋ᠢᠵᠦ ᠮᠥᠷᠭᠥᠨ᠎ᠡ
ᠮᠥᠷᠭᠥᠵᠦ ᠰᠥᠬᠥᠷᠡᠬᠦ ᠮᠣᠩᠭᠣᠯ ᠦ᠋ᠨ ᠶᠣᠰᠣ
ᠮᠥᠩᠬᠡ ᠦᠯᠡᠲᠡᠬᠦ ᠡᠷᠬᠢᠮ ᠵᠠᠩᠰᠢᠯ
ᠡᠵᠡᠨ ᠰᠠᠩ ᠤᠩᠰᠢᠬᠤ ᠳᠦ ᠰᠦᠯᠲᠡ ᠬᠡᠶ᠋ᠢᠮᠣᠷᠢ ᠳᠦ ᠪᠠᠨ ᠮᠥᠷᠭᠥᠨ᠎ᠡ
ᠡᠯᠪᠡᠷᠢᠯ ᠵᠢᠷᠤᠮ ᠭᠦᠢᠴᠡᠤᠠᠬᠡᠬᠦ ᠳᠦ ᠡᠭᠡᠨᠡᠭᠲᠡ ᠭᠤᠷᠪᠠ ᠮᠥᠷᠭᠥᠨ᠎ᠡ
ᠠᠪᠠ ᠭᠦᠷᠦᠭᠡ ᠬᠢᠬᠦ ᠳᠦ ᠪᠠᠶᠠᠨ ᠮᠠᠨᠠᠬᠠᠨ ᠳᠦ ᠮᠥᠷᠭᠥᠨ᠎ᠡ
ᠠᠶᠠᠯᠠᠵᠤ ᠰᠠᠯᠬᠤ ᠮᠥᠴᠡ ᠳᠦ ᠮᠥᠩᠬᠡ ᠢᠷᠥᠭᠡᠯ ᠲᠡᠢ ᠮᠥᠷᠭᠥᠨ᠎ᠡ
ᠮᠥᠷᠭᠥᠵᠦ ᠰᠥᠬᠥᠷᠡᠬᠦ ᠮᠣᠩᠭᠣᠯ ᠦ᠋ᠨ ᠶᠣᠰᠣ
ᠮᠥᠩᠬᠡ ᠦᠯᠡᠲᠡᠬᠦ ᠡᠷᠬᠢᠮ ᠵᠠᠩᠰᠢᠯ
ᠬᠢᠴᠢᠶᠡᠯ ᠰᠣᠶᠣᠯ ᠬᠦᠷᠲᠡᠬᠦ ᠳᠦ ᠨᠣᠮ ᠦ᠋ᠨ ᠪᠠᠭᠰᠢ ᠳᠦ ᠪᠠᠨ ᠮᠥᠷᠭᠥᠨ᠎ᠡ
ᠬᠡᠵᠢᠶ᠎ᠡ ᠡᠭᠦᠷᠢᠲᠡ ᠲᠣᠮᠣᠭᠠᠲᠠᠨ ᠳᠦ ᠪᠠᠨ ᠶᠣᠰᠣ ᠲᠠᠢ ᠳᠠᠷᠤᠤ ᠮᠥᠷᠭᠥᠨ᠎ᠡ
ᠰᠠᠷ᠎ᠠ ᠰᠢᠨ᠎ᠡ ᠶ᠋ᠢᠨ ᠪᠠᠶᠠᠷ ᠲᠤ ᠬᠦᠬᠦᠷ ᠰᠣᠯᠢᠵᠤ ᠮᠥᠷᠭᠥᠨ᠎ᠡ
ᠰᠠᠶ᠋ᠢᠬᠠᠨ ᠮᠣᠩᠭᠣᠯ ᠦᠨᠲᠦᠰᠦᠲᠡᠨ ᠮᠢᠨᠢ ᠰᠡᠤᠠᠬᠢᠯ ᠲᠡᠨᠢᠭᠦᠨ ᠮᠥᠷᠭᠥᠨ᠎ᠡ
ᠮᠥᠷᠭᠥᠵᠦ ᠰᠥᠬᠥᠷᠡᠬᠦ ᠮᠣᠩᠭᠣᠯ ᠦ᠋ᠨ ᠶᠣᠰᠣ
ᠮᠥᠩᠬᠡ ᠦᠯᠡᠲᠡᠬᠦ ᠡᠷᠬᠢᠮ ᠵᠠᠩᠰᠢᠯ
ᠦᠰᠦᠭ ᠠᠮᠢᠯᠠᠭᠤᠯᠤᠭᠴᠢ — ᠪᠠᠯᠵᠢ
ᠬᠢᠨᠠᠭᠴᠢ ᠪᠠᠭᠰᠢ — ᠪᠠᠶᠠᠷᠴᠡᠴᠡᠭ
