ᠰᠢᠯᠦᠭ ᠪᠢᠴᠢᠯ᠎ᠡ ᠪᠢ – ᠬᠣᠨᠲᠣᠨ ᠪᠠᠭᠠᠲᠤᠷ Шүлэг бичлээ би – Хунтун Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠯᠦᠭ ᠪᠢᠴᠢᠯ᠎ᠡ ᠪᠢ – ᠬᠣᠨᠲᠣᠨ ᠪᠠᠭᠠᠲᠤᠷ Шүлэг бичлээ би – Хунтун Баатар

ᠰᠢᠯᠦᠭ ᠪᠢᠴᠢᠯ᠎ᠡ ᠪᠢ – ᠬᠣᠨᠲᠣᠨ ᠪᠠᠭᠠᠲᠤᠷ Шүлэг бичлээ би – Хунтун Баатар

2023-02-23

363

ᠰᠢᠯᠦᠭ ᠪᠢᠴᠢᠯ᠎ᠡ ᠪᠢ


                 ᠬᠣᠨᠲᠣᠨ ᠪᠠᠭᠠᠲᠤᠷ
 
 ᠬᠥᠷᠥᠰᠥ ᠨᠢ ᠬᠠᠯᠴᠠᠭᠠᠶ᠋ᠢᠷᠠᠭᠰᠠᠨ ᠨᠤᠲᠤᠭ ᠶ᠋ᠢᠠᠨ ᠬᠠᠷᠠᠬᠤ ᠪᠦᠷᠢ
 ᠵᠢᠷᠦᠬᠡ ᠮᠢᠨᠢ ᠰᠢᠮᠰᠢᠷᠡᠨ ᠭᠤᠨᠢᠬ ᠲᠠᠢ ᠰᠢᠯᠦᠭ ᠪᠢᠴᠢᠯ᠎ᠡ ᠪᠢ
 ᠬᠥᠬᠡᠷᠡᠨ ᠰᠦᠮᠪᠦᠷᠯᠡᠬᠦ ᠠᠭᠤᠯᠠ ᠮᠢᠨᠢ ᠬᠥᠨᠲᠡᠶ᠋ᠢᠷᠡᠬᠦ ᠳᠦ 
 ᠰᠡᠳᠬᠢᠯ ᠮᠢᠨᠢ ᠡᠮᠵᠡᠭᠯᠡᠵᠦ ᠨᠢᠯᠪᠤᠰᠤ ᠲᠠᠢ ᠰᠢᠯᠦᠭ ᠪᠢᠴᠢᠯ᠎ᠡ ᠪᠢ

 ᠪᠣᠰᠤᠭ᠎ᠠ ᠬᠡᠶ᠋ᠢᠮᠣᠷᠢᠯᠢᠬ ᠦᠰᠦᠭ ᠮᠢᠨᠢ ᠰᠣᠯᠣᠭᠠᠢ ᠪᠢᠴᠢᠭᠳᠡᠬᠦ ᠳᠦ 
 ᠪᠣᠳᠣᠯ ᠮᠢᠨᠢ ᠭᠤᠨᠢᠭᠯᠠᠵᠤ ᠰᠡᠭᠦᠷᠡᠰᠦ ᠲᠡᠢ ᠰᠢᠯᠦᠭ ᠪᠢᠴᠢᠯ᠎ᠡ ᠪᠢ
 ᠪᠤᠭᠤᠷᠤᠯ ᠦ᠋ᠨ ᠤᠳᠤᠮᠰᠢᠯᠲᠤ ᠦᠭᠡ ᠬᠡᠯᠡ ᠮᠢᠨᠢ ᠰᠠᠭᠠᠷᠮᠠᠭᠵᠢᠬᠤ ᠳᠦ 
 ᠪᠤᠶᠠᠨᠲᠤ ᠨᠤᠲᠤᠭ ᠶ᠋ᠢᠠᠨ ᠳᠠᠭᠤᠯᠠᠵᠤ ᠴᠢᠳᠠᠭ᠎ᠠ ᠦᠭᠡᠢ ᠤᠶ᠋ᠢᠤᠠᠬᠠᠷᠲᠤ ᠰᠢᠯᠦᠭ ᠪᠢᠴᠢᠯ᠎ᠡ ᠪᠢ

 ᠬᠣᠶ᠋ᠢᠴᠢ ᠦᠶ᠎ᠡ ᠶ᠋ᠢᠨ ᠶ᠋ᠢᠡᠨ ᠲᠥᠯᠥᠭᠡ ᠲᠡᠮᠡᠶ᠋ᠢᠯᠠ ᠰᠠᠨᠠᠭᠠᠰᠢᠷᠠᠬᠤ ᠳᠦ
 ᠬᠣᠭᠣᠰᠣᠨ ᠮᠠᠭᠲᠠᠭᠠᠯ ᠪᠤᠰᠤ ᠰᠤᠷᠭᠠᠮᠵᠢᠲᠤ ᠰᠢᠯᠦᠭ ᠪᠢᠴᠢᠯ᠎ᠡ ᠪᠢ
 ᠬᠣᠶᠠᠷ ᠭᠤᠷᠪᠠᠬᠠᠨ ᠪᠠᠳᠠᠭ ᠴᠤ᠌ ᠭᠡᠯ᠎ᠡ ᠶᠠᠭᠠᠬᠢᠬᠤ ᠪᠣᠢ ᠰᠡᠳᠬᠢᠯ ᠶ᠋ᠢᠡᠨ ᠠᠷᠭᠠᠳᠠᠵᠤ
 ᠬᠣᠲᠠᠯᠠ ᠲᠦᠮᠡᠨ ᠳᠦ ᠣᠶ᠋ᠢᠯᠠᠭᠠᠭᠤᠯᠬᠤ ᠭᠡᠵᠦ ᠴᠠᠭᠠᠨ ᠰᠢᠯᠦᠭ ᠪᠢᠴᠢᠯ᠎ᠡ ᠪᠢ

 ᠣᠳᠣ ᠴᠠᠭ ᠦ᠋ᠨ ᠪᠠᠶ᠋ᠢᠭᠠᠯᠢ ᠣᠷᠴᠢᠨ ᠶᠠᠮᠠᠷ ᠪᠠᠶ᠋ᠢᠭ᠎ᠠ ᠭᠡᠳᠡᠭ ᠎ ᠊ᠢ
 ᠣᠭᠲᠣ ᠦᠰᠭᠡᠭᠡᠨ ᠲᠦᠰᠭᠡᠭᠡᠨ ᠦᠭᠡᠢ ᠵᠢᠷᠤᠭᠯᠠᠨ ᠰᠢᠯᠦᠭ ᠪᠢᠴᠢᠯ᠎ᠡ ᠪᠢ
 ᠣᠷᠴᠢᠯᠠᠩ ᠦ᠋ᠨ ᠤᠷᠪᠠᠭᠠᠨ ᠬᠥᠷᠪᠡᠭᠡᠨ ᠎ᠳ᠋ᠦ᠍ ᠣᠶ᠋ᠢᠴᠢᠵᠤ ᠲᠣᠰᠤᠬ᠋᠎ᠠ ᠨᠢᠭᠡᠨ ᠳᠦ ᠪᠡᠨ  
 ᠤᠷᠮ᠎ᠠ ᠱᠠᠩᠨᠠᠬᠤ ᠭᠡᠵᠤ ᠵᠣᠷᠢᠬ ᠊ᠢ ᠨᠢ ᠬᠥᠪᠴᠢᠯᠡᠵᠦ ᠰᠢᠯᠦᠭ ᠪᠢᠴᠢᠯ᠎ᠡ ᠪᠢ

 ᠠᠯᠳᠠᠭ᠎ᠠ ᠤᠨᠤᠭ᠎ᠠ ᠲᠠᠢ ᠪᠢᠴᠢᠭᠰᠡᠨ ᠰᠢᠯᠦᠭ ᠦ᠋ᠳ ᠮᠢᠨᠢ
 ᠠᠷᠠᠳ ᠣᠯᠠᠨ ᠪ ᠰᠡᠳᠬᠢᠯ ᠳᠦ ᠲᠠᠭᠠᠯᠠᠭᠳᠠᠭᠰᠠᠨ ᠨᠢ ᠬᠡᠳᠦ ᠪᠠᠶ᠋ᠢᠬᠤ ᠴᠤ᠌ ᠪᠢᠯᠡ
 ᠠᠶᠠᠰ ᠦ᠋ᠨ ᠰᠠᠯᠬᠢᠨ ᠳᠦ ᠬᠡᠶ᠋ᠢᠰᠴᠦ ᠠᠷᠢᠯᠤᠭᠠᠳ
 ᠠᠯᠠᠭ᠎ᠠ ᠪᠣᠯᠵᠤ ᠰᠠᠷᠨᠢᠬᠰᠠᠨ ᠨᠢ ᠴᠤ᠌ ᠬᠡᠴᠢᠨᠡᠨ ᠪᠠᠶ᠋ᠢᠬᠤ ᠴᠤ᠌ ᠪᠢᠯᠡ

 ᠰᠢᠷᠬᠡᠭ ᠡᠪᠡᠰᠦ ᠴᠢᠮᠬᠢ ᠰᠢᠷᠣᠢ ᠶ᠋ᠢᠨ ᠰᠡᠳᠬᠢᠯ ᠦ᠋ᠨ ᠲᠡᠩᠬᠡᠬᠡ ᠎ᠶ᠋ᠢ ᠴᠢᠩᠨᠠᠬᠤ ᠭᠡᠵᠦ
 ᠰᠡᠷᠴᠢᠭᠢᠨᠡᠬᠦ ᠰᠠᠯᠬᠢ ᠱᠠᠷᠴᠢᠭᠢᠨᠠᠬᠤ ᠨᠠᠪᠴᠢᠰ ᠦ᠋ᠨ ᠢᠨᠠᠭ ᠦ᠋ᠨ ᠪᠠᠯ ᠎ ᠊ᠢ ᠠᠮᠲᠠᠯᠠᠬᠤ ᠭᠡᠵᠦ
 ᠢᠷᠠᠭᠤ ᠨᠠᠶ᠋ᠢᠷᠠᠭᠴᠢ ᠶ᠋ᠢᠨ ᠬᠠᠷᠠᠭ᠎ᠠ ᠠ᠋ᠴᠠ ᠪᠤᠰᠤ ᠥᠪᠡᠷ ᠦ᠋ᠨ ᠶ᠋ᠢᠡᠨ ᠦᠵᠡᠯᠲᠡ  ᠪᠠᠷ
 ᠶᠠᠳᠠᠭᠤᠬᠠᠨ ᠣᠶᠤᠨ ᠶ᠋ᠢᠠᠨ ᠰᠢᠪᠬᠠᠵᠤ ᠪᠢᠷ ᠠᠤᠠᠬᠤᠵᠤ ᠰᠢᠯᠦᠭ ᠪᠢᠴᠢᠯ᠎ᠡ ᠪᠢ

         ᠦᠰᠦᠭ ᠠᠮᠢᠯᠠᠭᠤᠯᠤᠭᠴᠢ ᠄  ᠵᠢᠷᠭᠠᠯ
            ᠬᠢᠨᠠᠭᠴᠢ ᠄   ᠴᠣᠯᠮᠣᠨᠲᠤᠶᠠᠭ᠎ᠠ ᠪᠠᠭᠰᠢ